ᠮᠤᠩᠭᠤᠯ ᠦᠰᠦᠭ | ᠵᠣᠬᠢᠶᠠᠭᠴᠢ᠄ ᠸᠠᠩᠨᠣᠳ ᠭᠡᠭᠡᠨᠳᠢᠪ | ᠮᠤᠨᠳᠠᠭ᠎ᠠ ᠬᠡᠶᠢᠰᠭᠡᠭᠰᠡᠨ ᠬᠦᠯᠥᠭ ᠤᠨ | ᠲᠡᠯ ᠤᠨ ᠰᠤᠷ ᠮᠤᠩᠭᠤᠯ ᠦᠰᠦᠭ | ᠮᠤᠬᠤᠯᠠᠢ ᠰᠦᠰᠦᠨ ᠠᠴᠠ ᠪᠤᠳᠠᠷᠠᠭᠰᠡᠨ | ᠮᠤᠬᠤᠰᠢ ᠦᠭᠡᠢ ᠵᠤᠷᠢᠭ ᠮᠤᠩᠭᠤᠯ ᠦᠰᠦᠭ | ᠲᠡᠭᠷᠢ ᠶᠢᠨ ᠮᠠᠨᠳᠠᠯ ᠢᠶᠠᠷ ᠴᠤᠤᠷᠢᠶᠠᠯᠠᠭᠰᠠᠨ | ᠲᠡᠮᠦᠵᠢᠨ ᠠᠪᠢᠶ᠎ᠠ ᠮᠤᠩᠭᠤᠯ ᠦᠰᠦᠭ | ᠤᠨᠤᠨ ᠤ ᠲᠠᠪᠠᠯᠭᠠᠨ ᠠᠴᠠ ᠪᠤᠰᠤᠭᠰᠠᠨ | ᠤᠰᠤᠨ ᠤ ᠲᠦᠷᠡᠯᠭᠡ ᠮᠤᠩᠭᠤᠯ ᠦᠰᠦᠭ | ᠰᠦᠯᠳᠡ ᠶᠢᠨ ᠢᠷ ᠲᠤ ᠪᠤᠴᠠᠯᠤᠭᠰᠠᠨ | ᠢᠯᠠᠯᠳᠠ ᠶᠢᠨ ᠴᠢᠰᠦ ᠮᠤᠩᠭᠤᠯ ᠦᠰᠦᠭ | ᠰᠦᠭ ᠬᠢᠯᠠᠯᠵᠠᠭᠰᠠᠨ ᠵᠢᠪᠡᠷᠢ ᠶᠢᠨ | ᠢᠷᠮᠡᠭᠦᠨ ᠪᠤᠳᠠᠷᠠᠭᠠᠨ ᠴᠦ ᠮᠤᠩᠭᠤᠯ ᠦᠰᠦᠭ ᠡ | ᠶᠢᠰᠦᠭᠡᠢ ᠪᠠᠭᠠᠳᠤᠷ ᠤᠨ ᠵᠡᠭᠦᠷᠮᠡᠭᠯᠡᠭᠰᠡᠨ | ᠢᠯᠠᠬᠤ ᠵᠡᠭᠦᠳᠦ ᠮᠤᠩᠭᠤᠯ ᠦᠰᠦᠭ | ᠬᠦᠬᠡᠴᠦ ᠪᠦᠭᠡ ᠶᠢᠨ ᠲᠠᠮᠵᠢᠭᠤᠯᠤᠭᠰᠠᠨ | ᠲᠡᠭᠷᠢ ᠶᠢᠨ ᠵᠠᠷᠯᠢᠭ ᠮᠤᠩᠭᠤᠯ ᠦᠰᠦᠭ | ᠤᠭᠳᠤᠷ ᠲᠡᠷᠭᠢ ᠬᠤᠩᠭᠤᠷ ᠤᠨ | ᠤᠤᠭᠠᠨ ᠦᠤᠷᠰᠡᠭᠡ ᠮᠤᠩᠭᠤᠯ ᠦᠰᠦᠭ | ᠦᠭᠦᠵᠦ ᠨᠦᠭᠦᠷᠯᠡᠭᠰᠡᠨ ᠵᠠᠮᠤᠬ᠎ᠠ ᠶᠢᠨ | ᠦᠯᠢᠭᠡᠷᠳᠦ ᠲᠡᠭᠦᠰᠭᠡᠯ ᠮᠤᠩᠭᠤᠯ ᠦᠰᠦᠭ | ᠲᠡᠯᠡᠬᠡᠢ ᠶᠢ ᠠᠭᠰᠢᠭᠠᠭᠰᠠᠨ ᠪᠤᠷᠬᠠᠨ ᠬᠠᠯᠳᠤᠨ᠎ᠠ ᠶᠢᠨ | ᠲᠡᠷᠭᠡᠯ ᠨᠠᠪᠴᠢᠰ ᠮᠤᠩᠭᠤᠯ ᠦᠰᠦᠭ | ᠴᠠᠶᠢᠵᠠᠳᠦ ᠪᠤᠭᠳᠠ ᠬᠠᠶᠢᠷᠬᠠᠨ ᠤ | ᠴᠠᠮᠬᠠᠭ ᠤᠨ ᠬᠢᠨᠢ ᠲᠤᠶᠠᠭ᠎ᠠ ᠮᠤᠩᠭᠤᠯ ᠦᠰᠦᠭ | ᠪᠤᠭᠤᠷᠤᠯ ᠠᠯᠳᠠᠢ ᠠᠴᠠ ᠰᠢᠵᠢᠷᠳᠦᠭᠰᠡᠨ | ᠲᠡᠦᠭᠡᠨ ᠭᠠᠨᠵᠢᠷ᠎ᠠ ᠮᠤᠩᠭᠤᠯ ᠦᠰᠦᠭ | ᠪᠤᠴᠠᠰᠢ ᠦᠭᠡᠢ ᠬᠠᠯᠢᠨ ᠱᠢᠷᠤᠩᠬᠠᠶᠢᠯᠠᠭᠰᠠᠨ | ᠪᠦᠷᠭᠦᠳ ᠤᠨ ᠬᠢᠨᠢ ᠲᠠᠯᠠᠪᠴᠢ ᠮᠤᠩᠭᠤᠯ ᠦᠰᠦᠭ ᠡ | ᠬᠡᠨᠳᠢ ᠶᠢᠨ ᠤᠷᠬᠢᠯ ᠳᠤ ᠡᠪᠬᠡᠷᠡᠯᠳᠦᠭᠰᠡᠨ | ᠬᠡᠯᠡ ᠲᠠᠢ ᠡᠭᠦᠯᠡ ᠮᠤᠩᠭᠤᠯ ᠦᠰᠦᠭ | ᠬᠤᠯᠠᠬᠢ ᠪᠠᠯᠵᠤᠳ ᠠᠴᠠ ᠦᠨᠦᠷᠳᠦᠭᠦᠯᠦᠭᠰᠡᠨ | ᠲᠠᠶᠢᠨ ᠤ ᠠᠭᠠᠷ ᠮᠤᠩᠭᠤᠯ ᠦᠰᠦᠭ | ᠨᠤᠶᠠᠨ ᠱᠠᠩᠳᠦ ᠳᠤ ᠪᠤᠳᠤᠯᠢᠬᠰᠡᠨ | ᠨᠢᠴᠠᠷᠠᠭᠰᠠᠨ ᠸᠠᠭᠠᠷ ᠮᠤᠩᠭᠤᠯ ᠦᠰᠦᠭ | ᠨᠠᠭᠠᠳᠤᠮ ᠭᠤᠷᠪᠠᠨ ᠰᠤᠶᠤᠯ ᠤᠨ | ᠨᠠᠮᠨᠠᠬᠤ ᠬᠤᠷᠳᠤᠴᠠ ᠮᠤᠩᠭᠤᠯ ᠦᠰᠦᠭ | ᠨᠤᠷᠤᠭᠰᠠᠨ ᠵᠢᠷᠤᠭ ᠢᠶᠠᠨ ᠵᠦᠢᠭᠰᠡᠨ | ᠨᠢᠯᠪᠤᠰᠤᠨ ᠲᠤᠰᠤᠯ ᠮᠤᠩᠭᠤᠯ ᠦᠰᠦᠭ | ᠨᠤᠮᠤᠨ ᠤ ᠬᠤᠷᠮᠤᠢ ᠠᠴᠠ ᠨᠢᠳᠦᠯᠡᠭᠰᠡᠨ | ᠨᠤᠭᠤᠭᠠᠨ ᠰᠦᠶ᠎ᠡ ᠴᠦ ᠮᠤᠩᠭᠤᠯ ᠦᠰᠦᠭ ᠡ | ᠬᠡᠴᠡ ᠦᠭᠡᠢ ᠴᠠᠬᠢᠯᠤᠭᠰᠠᠨ ᠠᠷᠭᠤᠮᠠᠭ ᠤᠨ | ᠨᠢᠷᠤᠭᠤᠨ ᠲᠠᠮᠠᠭ᠎ᠠ ᠮᠤᠩᠭᠤᠯ ᠦᠰᠦᠭ | ᠬᠠᠰᠠᠷ ᠪᠤᠭᠳᠠ ᠡᠴᠢᠭᠡ ᠶᠢᠨ | ᠮᠠᠬᠢᠷ ᠰᠡᠯᠡᠮ᠎ᠡ ᠮᠤᠩᠭᠤᠯ ᠦᠰᠦᠭ | ᠬᠠᠳᠤᠨ ᠦᠵᠢᠨ ᠤ ᠬᠤᠷᠮᠦ᠋ᠢᠯᠠᠭᠰᠠᠨ | ᠲᠠᠶᠢᠨ ᠤ ᠦᠷᠯᠦᠭᠴᠤᠳ ᠮᠤᠩᠭᠤᠯ ᠦᠰᠦᠭ | ᠬᠤᠷᠸ᠎ᠠ ᠳᠤ ᠦᠨᠢ ᠰᠡᠶᠢᠯᠦᠭᠳᠡᠭᠰᠡᠨ | ᠲᠤᠤᠯᠢᠰ ᠲᠤᠪᠴᠢᠶᠠᠨ ᠮᠤᠩᠭᠤᠯ ᠦᠰᠦᠭ | ᠲᠡᠭᠷᠢ ᠶᠢᠨ ᠰᠤᠮᠦ ᠪᠠᠷ ᠪᠢᠴᠢᠭᠰᠡᠨ | ︽ᠴᠢᠩᠬᠢᠰ᠂ ᠴᠢᠩᠬᠢᠰ︾ ᠮᠤᠩᠭᠤᠯ ᠦᠰᠦᠭ | ᠲᠢᠪ ᠢ ᠠᠯᠠᠭᠠᠨ ᠳᠤ ᠪᠠᠨ ᠪᠠᠭᠳᠠᠭᠠᠭᠰᠠᠨ | ︽ᠬᠠᠭᠠᠨᠳᠦ᠂ ᠬᠠᠭᠠᠨᠳᠦ︾ ᠮᠤᠩᠭᠤᠯ ᠦᠰᠦᠭ ᠡ | ᠨᠢᠯᠴᠢᠬᠢᠨᠡᠵᠦ ᠪᠠᠶᠢᠭᠰᠠᠨ ᠲᠤᠯᠭ᠎ᠠ ᠶᠢᠨ | ᠴᠢᠯᠠᠭᠤᠨ ᠤᠷᠤᠮ ᠮᠤᠩᠭᠤᠯ ᠦᠰᠦᠭ | ᠨᠠᠢᠮᠠᠨ ᠰᠢᠷᠭ᠎ᠠ ᠶᠢᠨ ᠲᠦᠪᠡᠷᠭᠡᠨ ᠤ | ᠨᠢᠳᠠᠷᠡᠭᠰᠠᠨ ᠬᠤᠩᠬᠤᠷ ᠮᠤᠩᠭᠤᠯ ᠦᠰᠦᠭ | ᠲᠡᠯᠢᠭᠦᠨ ᠪᠤᠯᠳᠠᠭ ᠲᠤ ᠲᠦᠩᠬᠦ᠋ᠢᠭᠰᠡᠨ | ᠨᠦᠵᠢ ᠲᠠᠢ ᠨᠢᠳᠤᠷᠭ᠎ᠠ ᠮᠤᠩᠭᠤᠯ ᠦᠰᠦᠭ | ᠲᠠᠬᠢᠮᠳᠠᠭᠤ ᠪᠠᠭᠤᠴᠠᠨ ᠠᠴᠠ ᠰᠤᠯᠤᠩᠭᠠᠷᠠᠭᠰᠠᠨ | ᠲᠠᠪᠤᠨ ᠮᠦᠰᠦᠨ ᠤ ᠰᠤᠷᠭᠠᠯ ᠮᠤᠩᠭᠤᠯ ᠦᠰᠦᠭ | ᠲᠡᠩᠬᠡᠯᠢᠭ ᠪᠦᠭᠡ ᠬᠠᠰᠠᠭ ᠲᠡᠷᠭᠡᠨ ᠤ | ᠲᠠᠷ ᠰᠠᠵᠢᠯᠠᠭᠠᠨ ᠮᠤᠩᠭᠤᠯ ᠦᠰᠦᠭ | ᠲᠡᠭᠷᠢ ᠳᠤ ᠪᠠᠨ ᠬᠠᠯᠢᠭᠰᠠᠨ ᠪᠠᠭᠠᠳᠤᠷᠴᠤᠳ ᠤᠨ | ᠲᠤᠯᠠᠭᠠᠨ ᠰᠦᠨᠡᠰᠦ ᠮᠤᠩᠭᠤᠯ ᠦᠰᠦᠭ | ᠪᠦᠮᠪᠦᠷᠴᠡᠭ ᠲᠡᠯᠡᠬᠡᠢ ᠶᠢ ᠲᠦᠵᠢᠷᠡᠭᠦᠯᠦᠭᠰᠡᠨ | ᠠᠶᠤᠮᠠᠷ ᠨᠠᠷᠠ ᠮᠤᠩᠭᠤᠯ ᠦᠰᠦᠭ | ᠪᠦᠳᠦᠨ ᠲᠦᠯᠦᠪ ᠢᠶᠠᠷ ᠢᠶᠠᠨ ᠴᠢᠯᠠᠭᠤᠵᠢᠭᠰᠠᠨ | ︽ᠠᠶᠤᠳᠤᠭᠠᠢ᠂ ᠪᠢᠰᠢᠷᠡᠳᠦᠭᠡᠢ︾ ᠮᠤᠩᠭᠤᠯ ᠦᠰᠦᠭ ᠡ | | |