| | | | | | ᠮᠤᠷᠤᠢ ᠶᠢᠨ ᠰᠦᠮ᠎ᠠ ᠶᠢᠨ ᠰᠢᠨ᠎ᠠ ᠪᠠᠷ ᠪᠠᠶᠢᠭᠤᠯᠤᠭᠰᠠᠨ ᠴᠤᠭᠴᠢᠨ ᠳᠤᠭᠠᠡᠭ | ᠨᠠᠢᠮᠠᠨ ᠰᠠᠷ᠎ᠠ ᠶᠢᠨ ᠬᠤᠷᠠᠯ ᠠᠴᠠ ᠪᠣᠰᠣᠳ ᠨᠢ ᠪᠦᠷ ᠴᠠᠮ ᠲᠠᠢ ᠶᠣᠮ᠃ ᠲᠣᠬᠠᠶᠢᠯᠠᠪᠠᠯ᠂ ᠯᠠ ᠰᠠᠷ᠎ᠠ ᠶᠢᠨ | ᠬᠤᠷᠠᠯ᠂ ᠴᠠᠭᠠᠨ ᠰᠠᠷ᠎ᠠ ᠶᠢᠨ ᠬᠤᠷᠠᠯ ᠪᠠ ᠵᠢᠷᠭᠤᠭᠠᠨ ᠰᠠᠷ᠎ᠠ ᠶᠢᠨ ᠬᠤᠷᠠᠯ ᠤᠨ ᠲᠠᠷᠠᠭ᠎ᠠ ᠪᠦᠷ ᠴᠠᠮ ᠲᠠᠢ᠃ ᠪᠠᠶᠠᠨ | ᠮᠣᠷᠣᠢ ᠶᠢᠨ ᠰᠦᠮ᠎ᠡ ᠶᠢᠨ ᠴᠠᠮ ᠴᠠᠮᠨᠠᠬᠤ ᠳᠤ᠂ ᠣᠯᠠᠨ ᠴᠠᠮᠴᠢᠳ ᠴᠦᠮ ᠶᠠᠩᠵᠣ ᠪᠦᠷᠢ ᠶᠢᠨ ᠪᠠᠭ ᠪᠣᠶᠣ | ᠬᠤᠪᠴᠠᠰᠣ ᠵᠠᠰᠠᠯ ᠡᠮᠣᠰᠴᠣ ᠵᠡᠭᠦᠨ᠂ ᠪᠦᠷᠢᠶ᠎ᠡ ᠪᠢᠰᠭᠢᠭᠦᠷ᠂ ᠬᠡᠩᠭᠡᠷᠭᠡ ᠴᠠᠩ ᠵᠡᠷᠭᠡ ᠬᠦᠭᠵᠢᠮ ᠤᠨ ᠠᠶᠠᠰ ᠲᠡᠭᠡᠷ᠎ᠡ | ᠠᠶᠢᠵᠠᠮ ᠬᠡᠮ ᠲᠠᠭᠠᠷᠠᠭᠤᠯᠣᠨ ᠶᠡᠬᠡᠯ᠎ᠡ ᠬᠦᠷ ᠬᠦᠭᠵᠢᠶᠡᠨ ᠲᠠᠢ ᠲᠣᠭᠯᠠᠵᠣ ᠪᠠᠶᠢᠳᠠᠭ᠃ ᠴᠠᠮ ᠤᠨ ᠲᠣᠬᠠᠢ ᠬᠠᠷᠠᠨᠣᠳ | ᠮᠣᠣᠨᠣᠬᠠᠢ ᠨᠠᠰᠣᠳᠠᠨ ᠤ ᠰᠣᠷᠪᠣᠯᠵᠢᠯᠠᠭ᠎ᠠ ᠶᠢᠨ ᠲᠡᠪᠳᠡᠷ ᠲᠤ ᠢᠩᠬᠢᠵᠣ ᠲᠡᠮᠳᠡᠭᠯᠡᠵᠣ ᠪᠠᠶᠢᠭᠰᠠᠨ ᠢ ᠡ᠊ᠨᠳᠡ | ᠰᠡᠶᠢᠷᠡᠬᠦᠯᠪᠡᠯ᠂ ᠡᠩ ᠲᠡᠷᠢᠭᠦᠨ ᠳᠤ᠂ ᠬᠤᠣᠰ ᠬᠤᠣᠰ ᠬᠤᠬᠢᠮᠠᠢ ︵ᠴᠦᠮ ᠠᠷᠪᠠᠭᠠᠳ ᠨᠠᠰᠣᠨ ᠤ ᠪᠠᠨᠳᠢ︶ ᠬᠤᠶᠠᠷ | ᠣᠳᠠᠭ᠎ᠠ ᠲᠠᠯᠠᠪᠣᠷ ᠲᠤ ᠭᠠᠷᠴᠣ ᠢᠷᠡᠨ ᠴᠠᠮᠨᠠᠳᠠᠭ᠃ ᠲᠡᠳᠡ ᠴᠣᠭᠴᠢᠨ ᠲᠣᠭᠠᠩ ᠤᠨ ᠡᠭᠦᠳᠡᠨ ᠠᠴᠠ ᠭᠠᠷᠴᠣ ᠢᠷᠡᠨ | ᠴᠠᠮᠨᠠᠨ ᠬᠠᠷᠠᠶᠢᠭᠰᠠᠭᠠᠷ ᠲᠠᠯᠠᠪᠣᠷ ᠤᠨ ᠡᠮᠣᠨ᠎ᠡ ᠡᠭᠦᠳᠡᠨ ᠤ ᠲᠦᠷᠪᠡᠨ ᠮᠠᠬᠠᠷᠠᠨᠽᠠ ᠶᠢᠨ ᠣᠷᠳᠣᠨ ᠳᠤ ᠣᠷᠣᠳᠠᠭ᠃ | ᠲᠡᠬᠦᠨ ᠤ ᠲᠠᠷᠠᠭ᠎ᠠ ᠪᠠᠷ᠂ ᠴᠠᠮᠴᠢᠳ ᠬᠤᠣᠰ ᠬᠤᠣᠰ ᠢᠶᠠᠷ ᠭᠠᠷᠴᠣ ᠢᠷᠡᠨ ᠬᠤᠶᠠᠷᠳᠠ ᠴᠠᠮᠨᠠᠳᠠᠭ᠃ ᠡᠪᠦᠭᠡᠨ ᠴᠠᠮ ᠢ | ᠬᠤᠶᠠᠷ ᠬᠤᠬᠢᠮᠠᠢ ᠬᠤᠱᠣᠩᠨᠠᠨ ᠴᠠᠮᠨᠠᠭᠰᠠᠭᠠᠷ ᠲᠠᠯᠠᠪᠣᠷ ᠤᠨ ᠡᠮᠣᠨ᠎ᠡ ᠡᠭᠦᠳᠡᠨ ᠳᠤ ᠬᠦᠷᠬᠦ ᠲᠠᠢ ᠵᠡᠷᠭᠡ ᠠᠷᠭᠠᠮᠵᠢ | ᠲᠣᠰᠣᠨ ᠭᠠᠷᠴᠣ ᠢᠷᠡᠨ ᠣᠭᠲᠣᠨ ᠴᠠᠮᠨᠠᠭᠰᠠᠭᠠᠷ ᠡᠮᠣᠨ᠎ᠡ ᠡᠭᠦᠳᠡ ᠪᠠᠷ ᠠᠪᠴᠣ ᠣᠷᠣᠳᠠᠭ᠃ ᠡᠨᠡ ᠨᠢ ᠮᠠᠰᠢ ᠱᠤᠭ | ᠢᠨᠢᠶᠡᠳᠣᠮ ᠲᠠᠢ ᠮᠦᠷᠳᠡᠭᠡᠨ ᠬᠦᠭᠵᠢᠶᠡᠨ ᠨᠠᠷᠭᠢᠶᠠᠨ ᠲᠠᠢ ᠪᠠᠶᠢᠵᠣ᠂ ᠬᠦᠮᠣᠰ ᠤᠨ ᠨᠢᠳᠦ ᠶᠢ ᠬᠤᠵᠢᠷᠯᠠᠳᠠᠭ ᠪᠢᠯᠡ᠃ | ᠬᠤᠣᠰ ᠬᠤᠣᠰ ᠢᠶᠠᠷ ᠭᠠᠷᠴᠣ ᠢᠷᠡᠨ ᠲᠣᠯᠤᠭ᠎ᠠ ᠣᠳᠠᠭ᠎ᠠ ᠴᠠᠮᠨᠠᠨ ᠲᠣᠭᠯᠠᠳᠠᠭ ᠲᠣᠯᠣᠭᠠᠨ ᠲᠣᠭᠰᠢᠳ ᠨᠢ ᠦᠪᠡᠷ | ᠦᠪᠡᠷ ᠤᠨ ᠠᠳᠠᠯᠢ ᠪᠣᠰᠣ ᠪᠠᠭ ᠲᠠᠢ ᠪᠠᠶᠢᠵᠣ᠂ ᠬᠦᠮᠦᠰ ᠲᠤ ᠲᠡᠶᠢᠮᠣ ᠯᠡ ᠰᠦᠷᠯᠢᠭ ᠪᠦᠭᠡᠳ ᠠᠶᠣᠮᠠᠷᠬᠠᠨ | ᠰᠠᠨᠠᠭᠳᠠᠭᠤᠯᠣᠨᠠ᠃ ᠦᠪᠡᠷᠮᠢᠴᠡ ᠣᠨᠴᠠᠯᠢᠭ ᠲᠠᠢ ᠲᠣᠬᠢᠯᠢᠭ ᠣᠷᠠᠯᠠᠵᠣ ᠪᠦᠳᠦᠭᠡᠭᠰᠡᠨ ᠪᠠᠭ ᠵᠠᠰᠠᠯ ᠵᠡᠭᠦᠭᠰᠡᠨ | ᠴᠠᠮᠴᠢᠳ ᠤᠨ ᠪᠣᠭᠤ ᠰᠣᠭᠤ ᠴᠠᠮᠨᠠᠳᠠᠭ ᠨᠢ ᠨᠡᠬᠡᠷᠡᠨ ᠬᠠᠪᠣᠯᠢᠭ ᠪᠦᠭᠡᠳ ᠭᠤᠶᠣ ᠰᠠᠶᠢᠬᠠᠨ ᠪᠠᠶᠢᠳᠠᠭ᠃ ᠬᠤᠷᠢᠨ | ᠨᠢᠭᠡᠨ ᠳ᠋ᠠᠷ᠎ᠠ ᠤᠷᠢᠳ ᠢᠶᠠᠷ ᠲᠣᠯᠤᠭ᠎ᠠ ᠲᠣᠯᠤᠭ᠎ᠠ ᠪᠠᠷ ᠭᠠᠷᠴᠣ ᠢᠷᠡᠨ ᠭᠤᠷᠪᠠᠨ ᠵᠡᠷᠭᠡ ᠲᠣᠭᠯᠠᠭᠰᠠᠨ ᠤ ᠲᠠᠷᠠᠭ᠎ᠠ᠂ | ᠲᠠᠬᠢᠨ ᠬᠤᠷᠢᠨ ᠨᠢᠭᠡᠭᠦᠯᠡ ᠪᠠᠨ ᠨᠡᠶᠢᠯᠡᠵᠣ ᠬᠠᠮ ᠴᠠᠮᠨᠠᠳᠠᠭ᠃ ᠴᠦᠢᠷᠵᠢᠯ ᠰᠠᠮᠣᠷᠢ ︵ᠡᠷ᠎ᠡ ᠡᠮ᠎ᠡ ᠪᠣᠷᠬᠠᠨ︶ | ᠴᠠᠮᠨᠠᠬᠤ᠃ ᠪᠠᠰᠠ ᠬᠤᠣᠰ ᠯᠢᠶᠠᠩ ᠡᠷᠪᠡᠬᠡᠢ ︵ᠰᠢᠮᠨᠣᠰ︶ ᠲᠠᠯᠠᠪᠣᠷ ᠲᠤ ᠭᠠᠷᠣᠨ ᠴᠠᠮᠨᠠᠭᠰᠠᠭᠠᠷ ᠡᠮᠣᠨ᠎ᠡ | ᠡᠭᠦᠳᠡᠨ ᠳᠤ ᠣᠶᠢᠷᠠᠳᠣᠬᠤ ᠪᠠᠷ ᠪᠦᠬᠦ ᠴᠠᠮᠴᠢᠨ ᠲᠣᠰᠣᠨ ᠭᠠᠷᠴᠣ ᠢᠷᠡᠨ᠂ ᠬᠤᠣᠰ ᠯᠢᠶᠠᠩ ᠡᠷᠪᠡᠬᠡᠢ ᠶᠢ | ᠲᠣᠮᠳᠠ ᠪᠠᠨ ᠬᠠᠪᠴᠢᠨ ᠴᠠᠮᠨᠠᠳᠠᠭ ᠨᠢ ᠴᠢᠳᠭᠦᠷ ᠱᠣᠯᠣᠮ ᠢ ᠬᠤᠮᠢᠨ ᠠᠪᠴᠣ ᠲᠠᠷᠣᠵᠣ ᠪᠠᠶᠢᠭ᠎ᠠ ᠨᠢ ᠲᠡᠷᠡ ᠭᠡᠨ᠎ᠡ᠃ | ᠪᠦᠭᠦᠳᠡᠭᠡᠷ ᠴᠠᠮᠨᠠᠵᠣ ᠠᠳᠠᠯ᠎ᠠ ᠬᠤᠶᠠᠷ ᠯᠢᠶᠠᠩ ᠡᠷᠪᠡᠬᠡᠢ ᠶᠢᠨ ᠪᠡᠶ᠎ᠡ ᠠᠴᠠ ᠲᠡᠳᠡᠨᠣᠰ ᠤᠨ ᠲᠦᠷᠢ ᠲᠠᠢ ᠴᠠᠭᠠᠰᠣᠨ | ᠡᠷᠪᠡᠬᠡᠢ ᠭᠠᠷᠴᠣ ᠢᠷᠡᠬᠦ ᠳᠤ᠂ ᠲᠠᠷᠣᠢ ᠲᠦᠷᠭᠡᠨ ᠭᠠᠯ ᠢᠶᠠᠷ ᠲᠦᠯᠡᠵᠣ ᠬᠠᠶᠠᠨ᠎ᠠ᠃ ᠴᠠᠭᠠᠰᠣᠨ ᠡᠷᠪᠡᠬᠡᠢ ᠶᠢᠨ | ᠨᠣᠴᠣᠵᠣ ᠲᠠᠭᠤᠰᠬᠤ ᠶᠢ ᠲᠠᠭᠠᠯᠳᠣᠨ ᠬᠤᠶᠠᠷ ᠯᠢᠶᠠᠩ ᠡᠷᠪᠡᠬᠡᠢ ᠬᠦᠰᠡᠷ ᠰᠠᠪᠠᠨ ᠣᠨᠠᠨ᠎ᠠ᠃ ᠬᠦᠰᠡᠷ ᠣᠨᠠᠭᠰᠠᠨ | ᠬᠤᠶᠠᠷ ᠯᠢᠶᠠᠩ ᠡᠷᠪᠡᠬᠡᠢ ᠶᠢ ᠴᠠᠮᠴᠢᠳ ᠲᠣᠮᠳᠠ ᠪᠠᠨ ᠲᠠᠮᠨᠠᠨ ᠪᠦᠭᠦᠳᠡᠭᠡᠷ ᠮᠠᠬᠠᠷᠠᠨᠽᠠ ᠶᠢᠨ ᠣᠷᠳᠣᠨ ᠳᠤ ᠣᠷᠣᠨ᠎ᠠ᠃ | ᠲᠠᠷᠠᠭ᠎ᠠ ᠨᠢ ᠬᠤᠶᠠᠷ ᠬᠦᠮᠦᠨ ᠭᠤᠷᠪᠠᠯᠵᠢᠨ ᠫᠢᠯᠠ ᠲᠠᠢ ᠰᠣᠷ ᠢ ᠲᠠᠮᠨᠠᠨ ᠮᠠᠬᠠᠷᠠᠨᠽᠠ ᠶᠢᠨ ᠣᠷᠳᠣᠨ ᠤ | ᠡᠭᠦᠳᠡᠨ ᠠᠴᠠ ᠭᠠᠷᠴᠣ ᠢᠷᠡᠭᠡᠳ᠂ ᠰᠦᠮ᠎ᠡ ᠶᠢᠨ ᠪᠠᠷᠠᠭᠤᠨ ᠡᠮᠣᠨ᠎ᠡ ᠪᠣᠰᠬᠠᠭᠰᠠᠨ ᠵᠢᠶᠠᠽᠢ ︵ᠪᠣᠷᠭᠠᠰᠣ ᠱᠣᠭᠠᠢ ᠪᠠᠷ | ᠪᠦᠲᠦᠬᠡᠭᠰᠡᠨ︶ ᠶᠢ ᠴᠢᠭᠯᠡᠬᠦ ᠳᠤ᠂ ᠨᠢᠭᠡ ᠰᠢᠷᠡᠭᠡᠳᠦ ᠯᠠᠮᠠ ᠬᠤᠩᠬ᠎ᠠ ᠸᠴᠢᠷ ᠪᠠᠷᠢᠨ ᠨᠣᠮ ᠣᠩᠰᠢᠭᠰᠠᠭᠠᠷ | ᠬᠤᠶᠢᠨ᠎ᠠ ᠠᠴᠠ ᠨᠢ ᠭᠠᠷᠬᠤ ᠳᠤ᠂ ᠣᠯᠠᠨ ᠴᠠᠮᠴᠢᠳ ᠮᠦᠷᠭᠦᠯᠴᠢᠳ ᠪᠠᠰᠠ ᠬᠤᠶᠢᠨ᠎ᠠ ᠠᠴᠠ ᠲᠠᠭᠠᠯᠳᠣᠨ ᠰᠤᠷ | ᠬᠠᠶᠠᠬᠤ ᠭᠠᠵᠠᠷ ᠬᠦᠷᠴᠣ ᠭᠠᠯ ᠲᠦᠷᠡᠯᠵᠡᠭᠰᠡᠨ ᠵᠢᠶᠠᠽᠢ ᠶᠢᠨ ᠲᠣᠮᠳᠠ ᠰᠤᠷ ᠢ ᠰᠢᠳᠡᠨ ᠬᠠᠶᠠᠳᠠᠭ᠃ ᠡᠭᠦᠨ ᠢᠶᠠᠷ | ᠪᠣᠭ ᠱᠣᠯᠣᠮ ᠢ ᠨᠣᠮᠣᠬᠠᠳᠬᠠᠨ ᠲᠠᠷᠣᠵᠣ ᠠᠮᠣᠷ ᠲᠦᠪᠰᠢᠨ ᠢ ᠪᠠᠳᠣᠯᠠᠵᠣ ᠪᠠᠶᠢᠭ᠎ᠠ ᠶᠢ ᠵᠦᠩᠨᠡᠨ ᠪᠡᠯᠭᠡᠳᠡᠵᠣ | ᠪᠠᠶᠢᠳᠠᠭ᠃ ᠭᠤᠬ᠎ᠠ ᠠᠳᠬᠤᠭᠰᠠᠨ ᠨᠢᠭᠡ ᠨᠢ ᠲᠣᠮᠣ ᠮᠣᠳᠣᠨ ᠫᠢᠯᠠ ᠪᠠᠨ ᠭᠠᠯ ᠤᠨ ᠲᠣᠮᠳᠠ ᠠᠴᠠ ᠭᠤᠬᠠᠳᠠᠨ | ᠠᠪᠬᠤ ᠳᠤ ᠪᠦᠭᠦᠳᠡᠭᠡᠷ ᠰᠦᠮ᠎ᠡ ᠳᠤ ᠪᠠᠨ ᠪᠣᠴᠠᠨ᠎ᠠ᠃ | ᠪᠠᠶᠠᠨ ᠮᠣᠷᠣᠢ ᠶᠢᠨ ᠰᠦᠮ᠎ᠡ ᠶᠢᠨ ᠭᠡᠭᠡᠨ ᠮᠡᠷᠭᠡᠳ | ᠬᠠᠮᠤᠭ ᠲᠡᠭᠡᠳᠣ ᠲᠦᠷᠢ ᠶᠢᠨ ᠭᠡᠭᠡᠨ ᠯᠣᠪᠰᠠᠩᠳᠠᠮᠪᠠᠷᠠᠪᠵᠠᠢ ᠯᠾᠠᠷᠠᠮᠪᠠ ᠭᠡᠭᠡᠨ᠃ ᠬᠤᠷᠴᠢᠨ ᠤ ᠢᠵᠠᠭᠤᠷᠳᠠᠨ | ᠲᠣᠷᠵᠢᠪᠠᠯᠮᠠ ᠶᠢᠨ ᠭᠡᠷ ᠲᠤ ᠲᠡᠭᠷᠢ ᠲᠡᠳᠭᠦᠭᠴᠢ ᠶᠢᠨ ᠭᠤᠴᠢᠨ ᠨᠢᠭᠡᠨ ᠣᠨ ︵1766︶ ᠳᠤ ᠲᠦᠷᠦᠵᠡᠢ᠃ 7 | ᠨᠠᠰᠣᠳᠠᠢ ᠰᠦᠮ᠎ᠡ ᠳᠤ ᠵᠠᠯᠠᠭᠳᠠᠵᠣ᠂ 21 ᠲᠠᠢ ᠳᠤ ᠪᠠᠨ ᠲᠦᠪᠡᠳ ᠲᠤ ᠨᠣᠮ ᠰᠣᠷᠬᠤ ᠪᠠᠷ ᠣᠴᠢᠪᠠ᠃ ᠲᠦᠷᠦ | ᠭᠡᠷᠡᠯᠳᠣ ᠶᠢᠨ ᠠᠩᠬ᠎ᠠ ᠤᠨ ︵1821︶ ᠤ ᠯᠠ ᠰᠠᠷ᠎ᠠ ᠶᠢᠨ ᠰᠢᠨ᠎ᠡ ᠶᠢᠨ ᠬᠤᠶᠠᠷ ᠤᠨ ᠡᠳᠣᠷ ᠤᠨ ᠪᠠᠷᠰ ᠴᠠᠭ ᠲᠤ | ᠲᠠᠪᠢᠨ ᠵᠢᠷᠭᠤᠭᠠᠲᠠᠢ ᠲᠠᠭᠠᠯᠠᠯ ᠲᠡᠭᠦᠰᠪᠡᠢ᠃ | ᠬᠤᠶᠠᠳᠣᠭᠠᠷ ᠲᠦᠷᠢ ᠶᠢᠨ ᠭᠡᠭᠡᠨ ᠰᠡᠴᠡᠨᠴᠣᠭᠳᠣ ᠨᠢ ᠲᠠᠷᠬᠠᠨ ᠬᠤᠰᠢᠭᠤᠨ ᠤ ᠸᠠᠩ ᠵᠢᠭᠳᠡᠨᠸᠠᠩᠭᠤᠷ ᠤᠨ | ᠬᠤᠶᠠᠳᠣᠭᠠᠷ ᠬᠦᠪᠡᠭᠦᠨ ᠪᠣᠯᠠᠢ᠃ ᠨᠠᠶᠢᠮᠠᠨ ᠨᠠᠰᠣᠳᠠᠢ ᠰᠦᠮ᠎ᠡ ᠳᠤ ᠵᠠᠯᠠᠭᠳᠠᠵᠣ᠂ ᠨᠠᠢᠮᠠᠨ ᠵᠢᠯ ᠰᠦᠮ᠎ᠡ ᠳᠤ | ᠰᠣᠷᠣᠯᠴᠠᠭᠠᠳ ᠠᠷᠪᠠᠨ ᠵᠢᠷᠭᠤᠭᠠᠳᠠᠢ ᠳᠤ ᠪᠠᠨ ᠲᠡᠭᠡᠳᠣ ᠲᠦᠷᠢ ᠶᠢᠨ ᠭᠡᠭᠡᠨ ᠤ ᠶᠣᠰᠣ ᠪᠠᠷ ᠲᠦᠪᠡᠳ ᠲᠤ ᠣᠴᠢᠵᠣ | ᠲᠠᠯᠠᠢ ᠯᠠᠮᠠ᠂ ᠪᠠᠨᠴᠢᠨ ᠡᠷᠳᠡᠨᠢ ᠳᠤ ᠱᠠᠪᠢ ᠣᠷᠣᠵᠣ ᠨᠣᠮ ᠪᠢᠰᠢᠯᠭᠠᠨ᠂ ᠠᠷᠪᠠᠨ ᠨᠢᠭᠡᠨ ᠵᠢᠯ ᠤᠨ ᠲᠠᠷᠠᠭ᠎ᠠ ᠬᠤᠷᠢ | ᠶᠢᠰᠣ ᠲᠠᠢ ᠳᠤ ᠪᠠᠨ ᠰᠦᠮ᠎ᠡ ᠳᠤ ᠪᠠᠨ ᠡᠭᠡᠪᠡ᠃ ᠨᠣᠮ ᠤᠨ ᠨᠡᠷ᠎ᠡ ᠨᠢ ᠯᠣᠪᠰᠠᠩᠳᠠᠮᠪᠢᠵᠠᠯᠰᠠᠨ ᠭᠡᠳᠡᠭ᠃ | ᠰᠦᠮ᠎ᠡ ᠶᠢᠨ ᠬᠡᠷᠡᠭ ᠶᠠᠪᠣᠳᠠᠯ ᠢᠶᠠᠨ ᠬᠠᠷᠢᠭᠤᠴᠠᠭᠰᠠᠨ ᠤ ᠲᠠᠷᠠᠭ᠎ᠠ᠂ ᠲᠡᠷᠡ ᠬᠦᠳᠡᠭᠡᠪᠣᠷᠢ ᠵᠠᠩ ᠢᠶᠠᠨ ᠬᠠᠶᠠᠬᠤ ᠦᠭᠡᠢ | ᠪᠣᠷᠣᠭᠵᠢᠭᠤᠨ ᠠᠮᠢᠳᠣᠷᠠᠵᠣ᠂ ᠰᠦᠮ᠎ᠡ ᠶᠢᠨ ᠠᠵᠣ ᠠᠬᠤᠢ ᠶᠢ ᠨᠡᠩ ᠪᠦᠳᠦᠭᠦᠷᠡᠭᠦᠯᠪᠡ᠃ ᠲᠡᠷᠡ ᠰᠦᠮ᠎ᠡ ᠶᠢᠨ ᠢᠶᠠᠨ | ᠲᠣᠭᠤᠷᠢᠨ ᠳᠤ ᠲᠣᠩ ᠣᠯᠠᠨ ᠴᠢᠯᠠᠭᠤᠨ ᠪᠣᠷᠬᠠᠳ ᠢ ᠪᠣᠰᠬᠠᠪᠠ᠃ ᠰᠦᠮ᠎ᠡ ᠶᠢᠨ ᠡᠮᠣᠨ᠎ᠡ ᠡᠭᠦᠳᠡᠨ ᠤ ᠭᠠᠳᠠᠨ᠎ᠠ | ᠨᠣᠭᠤᠭᠠᠨ ᠴᠠᠭᠠᠨ ᠬᠤᠶᠠᠷ ᠳ᠋ᠠᠷ᠎ᠠ᠂ ᠪᠠᠷᠠᠭᠤᠨ ᠡᠭᠦᠳᠡᠨ ᠳᠤ ᠡᠷᠯᠢᠭ ᠬᠠᠭᠠᠨ᠂ ᠠᠷᠣ ᠡᠭᠦᠳᠡᠨ ᠳᠤ ᠱᠠᠭᠵᠠᠮᠤᠨᠢ᠂ | ᠵᠡᠭᠦᠨ ᠡᠭᠦᠳᠡᠨ ᠳᠤ ᠵᠠᠯᠪᠠᠴᠢᠨᠪᠤ ᠶᠢ ᠪᠦᠷ ᠭᠠᠳᠠᠭᠰᠢ ᠬᠠᠨᠳᠣᠭᠤᠯᠣᠨ ᠪᠣᠰᠬᠠᠪᠠ᠃ ᠡᠨᠡ ᠨᠢ ᠪᠣᠭ ᠴᠢᠳᠭᠦᠷ ᠢ | ᠰᠦᠮ᠎ᠡ ᠳᠤ ᠬᠠᠪᠢᠳᠠᠭᠤᠯᠬᠤ ᠦᠭᠡᠢ ᠭᠡᠰᠡᠨ ᠰᠠᠨᠠᠭ᠎ᠠ ᠭᠡᠨ᠎ᠡ᠃ ᠰᠦᠮ᠎ᠡ ᠶᠢᠨ ᠵᠡᠭᠦᠨ ᠡᠮᠣᠨ᠎ᠡ ᠯᠤᠤᠰ ᠤᠨ ᠬᠠᠭᠠᠨ ᠤ | ᠣᠷᠳᠣᠨ᠂ ᠪᠠᠷᠠᠭᠤᠨ ᠡᠮᠣᠨ᠎ᠡ ᠨᠢ ᠣᠰᠣᠨ ᠲᠠᠷᠣᠯᠭ᠎ᠠ ᠶᠢᠨ ᠴᠢᠯᠠᠭᠤᠨ ᠰᠣᠪᠣᠷᠭ᠎ᠠ ᠪᠠᠶᠢᠭᠤᠯᠵᠣ᠂ ᠰᠦᠮ᠎ᠡ ᠶᠢᠨ | ᠣᠷᠴᠢᠨ ᠲᠣᠭᠤᠷᠢᠨ ᠢᠶᠠᠨ ᠨᠡᠩ ᠦᠵᠡᠮᠵᠢᠳᠡᠢ ᠰᠦᠷᠯᠢᠭ ᠰᠠᠶᠢᠬᠠᠨ ᠪᠣᠯᠭᠠᠭᠰᠠᠨ ᠪᠠᠶᠢᠵᠠᠢ᠃ ᠶᠠᠭ ᠡᠨᠡ | ᠲᠠᠰᠢᠷᠠᠮ ᠳᠤ ᠸᠠᠩ ᠨᠣᠶᠠᠳ ᠵᠦᠪᠯᠡᠯᠳᠣᠨ᠂ ᠡᠪᠦᠭᠡ ᠲᠡᠭᠡᠳᠣᠰ ᠢᠶᠠᠨ ᠭᠡᠷᠡᠯᠲᠦᠭᠦᠯᠦᠨ᠎ᠡ ᠬᠡᠮᠡᠨ ᠪᠡᠭᠡᠵᠢᠩ ᠮᠠᠶ᠋ᠢᠭ ᠤᠨ | ᠯᠢᠣ ᠯᠢ ᠸᠠᠭᠠᠷ ᠲᠠᠢ᠂ ᠣᠯᠠᠭᠠᠨ ᠲᠣᠯᠭᠠᠭᠤᠷᠢ ᠲᠠᠢ᠂ ᠨᠢᠷᠣᠭᠤ ᠣᠨᠢ ᠨᠢ ᠣᠷᠠᠯᠠᠯ ᠰᠡᠶᠢᠯᠣᠮᠡᠯ ᠲᠠᠢ ᠲᠣᠯᠣᠭᠠᠨ | ᠲᠠᠰᠣᠯᠭ᠎ᠠ ᠬᠦᠷᠦᠭ ᠤᠨ ᠰᠦᠮ᠎ᠡ ᠪᠠᠷᠢᠵᠣ᠂ ᠸᠠᠩ ᠤᠨ ᠲᠡᠭᠡᠳᠣ ᠪᠣᠯᠬᠤ ᠤᠬᠱᠠᠨ᠂ ᠪᠢᠯᠲᠡᠭᠠᠷ᠂ ᠸᠴᠢᠷ᠂ ᠲᠤᠯᠪᠠ᠂ | ᠪᠠᠳᠮ᠎ᠠ᠂ ᠠᠯᠲᠡᠨᠬᠡᠷᠡᠯ᠂ ᠵᠠᠮᠪᠠᠯᠵᠠᠮᠰᠦ᠂ ᠭᠦᠩᠭᠠᠷᠡᠪᠲᠡᠨ᠂ ᠯᠾᠠᠸᠠᠩ᠂ ᠭᠠᠯᠰᠠᠩᠳᠣᠩᠷᠣᠪ᠂ ᠪᠠᠳᠣ᠂ ᠵᠢᠭᠳᠡᠨᠸᠠᠩᠭᠤᠷ | ᠵᠡᠷᠭᠡ ᠸᠠᠩ ᠨᠠᠷ ᠤᠨ ᠪᠦᠬᠦ ᠪᠡᠶ᠎ᠡ ᠶᠢᠨ ᠬᠦᠷᠦᠭ ᠢ ᠲᠠᠬᠢᠨ᠂ ᠲᠣᠷᠭ᠎ᠠ ᠲᠣᠷᠳᠣᠩ ᠲᠣᠯᠣᠭᠠᠨ ᠴᠣᠬᠠᠭ ᠨᠠᠶᠢᠮᠠᠨ | ᠡᠷᠳᠡᠨᠢ ᠶᠢᠨ ᠬᠠᠳᠬᠤᠮᠠᠯ ᠲᠠᠢ ᠡᠯᠭᠦᠮᠡᠯ ᠬᠦᠰᠢᠭᠡ ᠲᠠᠢ ᠪᠤᠯᠭᠠᠵᠤ᠂ ᠵᠢᠯ ᠤᠨ ᠲᠦᠷᠪᠡᠨ ᠣᠯᠠᠷᠢᠯ ᠳᠤ ᠲᠠᠬᠢᠯᠭ᠎ᠠ ᠲᠠᠢ᠃ | ᠰᠠᠷ᠎ᠠ ᠪᠦᠷᠢ ᠶᠢᠨ ᠰᠢᠨ᠎ᠡ ᠶᠢᠨ ᠨᠠᠢᠮᠠᠨ᠂ ᠠᠷᠪᠠᠨ ᠵᠢᠷᠭᠤᠭᠠᠨ᠂ ᠬᠤᠷᠢᠨ ᠭᠤᠷᠪᠠᠨ ᠳᠤ ᠨᠣᠮ ᠲᠠᠯᠪᠢᠨ᠂ ᠵᠠᠯᠪᠠᠴᠢᠨᠪᠤ | ᠪᠣᠷᠬᠠᠨ ᠢ ᠵᠠᠯᠠᠨ᠂ ᠮᠦᠷᠭᠦᠯᠴᠢᠳ ᠲᠤ ᠦᠵᠡᠯᠭᠡ ᠲᠦᠯᠭᠡ ᠦᠵᠡᠵᠣ ᠦᠭᠳᠡᠭ ᠪᠠᠶᠢᠪᠠ᠃ ᠬᠤᠶᠠᠳᠣᠭᠠᠷ ᠲᠦᠷᠢ ᠶᠢᠨ | ᠭᠡᠭᠡᠨ ᠯᠣᠪᠰᠠᠩᠳᠠᠮᠪᠢᠵᠠᠯᠰᠠᠨ ᠲᠠᠪᠢᠨ ᠨᠢᠭᠡᠳᠡᠢ ᠲᠠᠭᠠᠯᠠᠯ ᠪᠣᠯᠵᠣ᠂ ᠱᠠᠷᠢᠯ ᠢ ᠨᠢ ᠮᠠᠷᠠᠮᠪᠠ ᠷᠠᠰᠠᠩ ᠤᠨ ᠠᠯᠳᠠ ᠪᠠᠷ | ᠦᠩᠭᠡᠯᠡᠭᠰᠡᠨ ᠮᠦᠩᠭᠦᠨ ᠰᠣᠪᠣᠷᠭᠠᠨ ᠳᠤ ᠲᠠᠬᠢᠪᠠ᠃ | ᠭᠤᠷᠪᠠᠳᠣᠭᠠᠷ ᠲᠦᠷᠢ ᠶᠢᠨ ᠭᠡᠭᠡᠨ ᠨᠢ ᠲᠠᠷᠬᠠᠨ ᠸᠠᠩ ᠤᠨ ᠭᠡᠷ ᠲᠦᠷᠦᠯ ᠤᠨ ᠭᠧᠨᠳᠠᠨᠵᠠᠪ ᠤᠨ ᠬᠤᠶᠠᠳᠣᠭᠠᠷ | ᠬᠦᠪᠡᠭᠦᠨ ᠪᠣᠯᠣᠨ᠎ᠠ᠃ ᠲᠣᠯᠣᠭᠠᠨ ᠨᠠᠰᠣᠳᠠᠢ ᠰᠦᠮ᠎ᠡ ᠳᠤ ᠵᠠᠯᠠᠭᠳᠠᠵᠣ᠂ ᠠᠷᠪᠠᠨ ᠨᠠᠢᠮᠠᠨ ᠲᠠᠢ ᠳᠤ ᠨᠢ ᠲᠦᠪᠡᠳ ᠤᠨ | ᠯᠾᠠᠰᠠ ᠶᠢᠨ ᠰᠠᠯᠠ ᠬᠡᠶᠢᠳ ᠲᠤ ᠨᠣᠮ ᠰᠣᠷᠭᠠᠨ᠂ ᠲᠠᠯᠠᠢ ᠯᠠᠮᠠ᠂ ᠪᠠᠨᠴᠢᠨ ᠡᠷᠳᠡᠨᠢ ᠨᠠᠷ ᠠᠴᠠ ᠲᠡᠭᠦᠨ ᠳᠤ ᠠᠩᠬ᠎ᠠ | ᠲᠦᠷᠢ ᠶᠢᠨ ᠭᠡᠭᠡᠨ ᠤ ᠨᠣᠮ ᠤᠨ ᠨᠡᠷ᠎ᠡ ᠯᠣᠪᠰᠠᠩᠳᠠᠮᠪᠠᠷᠠᠪᠵᠠᠢ ᠶᠢ ᠬᠠᠶᠢᠷᠠᠯᠠᠪᠠ᠃ ᠯᠾᠠᠰᠠ ᠳᠤ ᠨᠠᠢᠮᠠᠨ ᠵᠢᠯ ᠢᠯᠡᠭᠦᠦ | ᠰᠣᠷᠣᠯᠴᠠᠭᠠᠳ ᠬᠤᠷᠢᠨ ᠵᠢᠷᠭᠤᠭᠠᠲᠠᠢ ᠯᠾᠠᠰᠠ ᠳᠤ ᠲᠠᠭᠠᠯᠠᠯ ᠲᠡᠭᠦᠰᠪᠡ᠃ ᠱᠠᠷᠢᠯ ᠢ ᠨᠢ ᠪᠠᠶᠠᠨ ᠮᠣᠷᠣᠢ ᠶᠢᠨ | ᠰᠦᠮ᠎ᠡ ᠳᠤ ᠪᠠᠨ ᠵᠠᠯᠠᠵᠣ ᠠᠪᠴᠢᠷᠠᠭᠠᠳ᠂ ᠮᠠᠷᠠᠮᠪᠠ ᠷᠠᠰᠠᠩ ᠤᠨ ᠱᠢᠷᠣ ᠶᠢᠨ ᠣᠷᠣᠢ ᠲᠠᠢ ᠮᠦᠩᠭᠦᠨ ᠰᠣᠪᠣᠷᠭᠠᠨ ᠳᠤ | ᠲᠠᠬᠢᠪᠠ᠃ | | | | | | ᠲᠤᠮᠤ ᠭᠠᠤᠯᠢᠨ ᠵᠢᠩ | ᠪᠠᠭᠰᠢ ᠶᠢᠨ ᠭᠡᠭᠡᠨ᠂ ᠲᠦᠷᠪᠡᠳᠣᠭᠡᠷ ᠲᠦᠷᠢ ᠶᠢᠨ ᠭᠡᠭᠡᠨ ᠢᠯᠡᠷᠡᠬᠦ ᠠᠴᠠ ᠡᠮᠣᠨ᠎ᠡ ᠪᠠᠶᠠᠨ ᠮᠣᠷᠣᠢ ᠶᠢᠨ | ᠰᠦᠮ᠎ᠡ ᠳᠤ ᠪᠠᠰᠠ ᠨᠢᠭᠡᠨ ᠭᠡᠭᠡᠨ ᠢᠯᠡᠷᠡᠵᠣ ᠪᠠᠶᠢᠭᠰᠠᠨ ᠨᠢ ᠪᠠᠭᠰᠢ ᠶᠢᠨ ᠭᠡᠭᠡᠨ ᠪᠣᠯᠣᠨ᠎ᠠ᠃ ᠡᠩᠬᠡ ᠠᠮᠣᠭᠤᠯᠠᠩ | ᠡᠵᠡᠨ ᠤ ᠦᠶᠡᠰ ᠲᠤ᠂ ᠲᠦᠪᠡᠳ ᠠᠴᠠ ᠨᠢᠭᠡ ᠵᠠᠯᠠᠭᠤ ᠬᠤᠸᠠᠷᠠᠭ ᠪᠠᠳᠢᠷᠴᠢᠯᠠᠵᠣ ᠶᠠᠪᠣᠭᠰᠠᠭᠠᠷ ᠲᠠᠷᠬᠠᠨ | ᠬᠤᠰᠢᠭᠤᠨ ᠤ ᠠᠭᠤᠯᠠ ᠭᠦᠩ ᠤᠨ ᠠᠷᠣ ᠠᠭᠤᠯᠠ ᠨᠣᠳᠤᠭ ᠤᠨ ᠬᠤᠩᠬ᠎ᠠ ᠶᠢᠨ ᠠᠭᠤᠯᠠᠨ ᠤ ᠠᠭᠤᠢ ᠳᠤ | ᠨᠣᠳᠣᠭᠰᠢᠨ ᠨᠣᠮ ᠪᠢᠰᠢᠯᠭᠠᠵᠣ᠂ ᠬᠤᠷᠴᠢᠨ ᠤ ᠬᠦᠮᠦᠰ ᠤᠨ ᠪᠢᠰᠢᠷᠡᠯ ᠬᠦᠨᠳᠦ ᠶᠢ ᠣᠯᠵᠣ ᠨᠠᠰᠣᠵᠢᠭᠠᠳ | ᠲᠦᠪᠡᠳ ᠲᠤ ᠪᠠᠨ ᠡᠭᠡᠵᠣ ᠲᠠᠭᠠᠯᠠᠯ ᠲᠡᠭᠦᠰᠪᠠᠢ᠃ ᠬᠡᠳᠦ᠋ᠢᠪᠡᠷ ᠲᠠᠭᠠᠯᠠᠯ ᠲᠡᠭᠦᠰᠦᠭᠰᠡᠨ ᠪᠣᠯᠪᠠᠴᠣ ᠲᠡᠭᠦᠨ ᠤ | ᠰᠦᠰᠦᠭᠳᠡᠳ ᠮᠦᠨ ᠯᠡ ᠲᠣᠷᠠᠰᠣᠨ ᠰᠦᠰᠦᠭᠯᠡᠭᠡᠳ ᠪᠠᠶᠢᠪᠠ᠃ ᠡᠨᠡ ᠮᠡᠳᠡᠭᠡ ᠶᠢ ᠲᠠᠯᠠᠢ ᠯᠠᠮᠠ ᠰᠣᠨᠣᠰᠣᠭᠰᠠᠨ ᠤ | ᠲᠠᠷᠠᠭ᠎ᠠ ᠲᠠᠷᠣᠢ ᠵᠠᠷᠯᠢᠭ ᠪᠠᠭᠤᠯᠭᠠᠵᠣ᠂ ᠠᠷᠪᠠᠨ ᠬᠤᠶᠠᠳᠣᠭᠠᠷ ᠦᠶ᠎ᠡ ᠶᠢᠨ ᠲᠠᠷᠬᠠᠨ ᠸᠠᠩ ᠤᠨ ᠭᠡᠷ ᠲᠤ ᠬᠡᠬᠡᠨ | ᠪᠤᠯᠭᠠᠵᠤ ᠢᠯᠡᠷᠡᠬᠦᠯᠪᠡ ᠬᠡᠨ᠎ᠠ᠃ ᠡᠨᠡ ᠬᠦᠮᠦᠨ ᠪᠣᠯ ᠲᠠᠷᠣᠢ ᠨᠠᠮᠵᠢᠯᠰᠧᠷᠡᠩ ᠤᠨ ᠠᠬ᠎ᠠ ᠯᠣᠪᠰᠠᠩᠪᠠᠯᠳᠠᠨ ᠪᠢᠯᠡ᠃ | ᠲᠡᠭᠦᠨ ᠢ ᠬᠤᠰᠢᠭᠤ ᠠᠶᠢᠮᠠᠭ ᠠᠴᠠ ᠴᠢᠩ ᠣᠯᠣᠰ ᠤᠨ ᠦᠨᠳᠣᠰᠦᠳᠡᠨ ᠤ ᠬᠡᠷᠡᠭ ᠡᠷᠬᠢᠯᠡᠬᠦ ᠶᠠᠮᠣᠨ ᠢᠶᠠᠷ | ᠲᠠᠮᠵᠢᠭᠤᠯᠣᠨ ︽ᠬᠤᠷᠴᠢᠨ ᠤ ᠮᠡᠷᠭᠡᠨ ᠰᠠᠩᠪᠤ ᠭᠡᠭᠡᠨ︾ ᠪᠣᠯᠭᠠᠵᠣ᠂ ᠪᠠᠶᠠᠨ ᠮᠣᠷᠣᠢ ᠶᠢᠨ ᠰᠦᠮ᠎ᠡ ᠳᠤ ᠰᠠᠭᠤᠯᠭᠠᠪᠠ | ᠃ ᠡᠨᠡ ᠦᠶᠡᠰ᠂ ᠲᠣᠰ ᠰᠦᠮ᠎ᠡ ᠶᠢᠨ ᠲᠦᠷᠪᠡᠳᠦᠭᠡᠷ ᠲᠦᠷᠢ ᠶᠢᠨ ᠭᠡᠭᠡᠨ ᠢᠯᠡᠷᠡᠭᠡᠳᠦᠢ ᠪᠣᠯᠬᠤᠷ ᠮᠡᠷᠭᠡᠨ ᠰᠠᠩᠪᠤ | ᠭᠡᠭᠡᠨ ᠲᠦᠷ ᠴᠠᠭ ᠰᠦᠮ᠎ᠡ ᠶᠢᠨ ᠠᠯᠢᠪᠠ ᠶᠢ ᠵᠠᠬᠢᠷᠴᠣ ᠪᠠᠶᠢᠭᠰᠠᠨ ᠶᠤᠮ᠃ ᠬᠤᠵᠢᠮ ᠨᠢ ᠲᠦᠷᠪᠡᠳᠦᠭᠡᠷ ᠲᠦᠷᠢ ᠶᠢᠨ | ᠭᠡᠭᠡᠨ ᠠᠸᠠᠩᠳᠦᠪᠳᠠᠨ ᠭᠡᠭᠡᠨ ᠢᠯᠡᠷᠡᠨ ᠰᠢᠷᠡᠭᠡᠨ ᠳᠤ ᠰᠠᠭᠤᠭᠰᠠᠨ ᠤ ᠲᠠᠷᠠᠭ᠎ᠠ᠂ ᠨᠣᠮ ᠵᠢᠭᠠᠭᠰᠠᠨ ᠪᠣᠯᠬᠤᠷ ᠮᠡᠷᠭᠡᠨ | ᠰᠠᠩᠪᠤ ᠭᠡᠭᠡᠨ ᠢ ᠪᠠᠭᠰᠢ ᠶᠢᠨ ᠭᠡᠭᠡᠨ ᠬᠡᠮᠡᠪᠡ᠃ | ᠪᠠᠭᠰᠢ ᠶᠢᠨ ᠭᠡᠭᠡᠨ ᠲᠠᠭᠠᠯᠠᠯ ᠲᠡᠭᠦᠰᠦᠭᠰᠡᠨ ᠤ ᠲᠠᠷᠠᠭ᠎ᠠ᠂ ᠬᠤᠶᠠᠳᠣᠭᠠᠷ ᠲᠦᠷᠢ ᠶᠢᠨ ᠪᠠᠭᠰᠢ ᠶᠢᠨ ᠭᠡᠭᠡᠨ ᠨᠢ | ᠲᠠᠷᠬᠠᠨ ᠬᠤᠰᠢᠭᠤᠨ ᠤ ᠴᠠᠭᠠᠯᠵᠢ ᠶᠢᠨ ᠵᠠᠩ ᠣᠪᠣᠭᠳᠣ ᠶᠢᠨ ᠭᠡᠷ ᠠᠴᠠ ︵ᠰᠢᠷᠠᠭᠴᠢᠨ ᠬᠤᠨᠢᠨ ᠵᠢᠯ ᠲᠠᠢ ᠲᠠᠷᠣᠢ | 1919 ᠣᠨ ᠳᠤ ᠮᠡᠨᠳᠦᠯᠡᠪᠡ︶ ᠢᠯᠡᠷᠡᠵᠣ᠂ ᠰᠧᠳᠢᠪᠠᠭᠠᠲᠦᠷ ᠬᠡᠲᠡᠭ ᠨᠠᠷᠠ ᠲᠠᠢ᠂ ᠲᠣᠯᠣᠭᠠᠨ ᠨᠠᠰᠣᠳᠠᠢ ᠳᠤ ᠨᠢ | ᠰᠦᠮ᠎ᠡ ᠳᠤ ᠵᠠᠯᠠᠪᠠ᠃ ᠭᠠᠵᠠᠷ ᠰᠢᠷᠣᠢ ᠶᠢᠨ ᠬᠤᠪᠢᠰᠬᠠᠯ ᠠᠴᠠ ᠬᠤᠶᠢᠨ᠎ᠠ ᠹᠥ᠋ ᠢᠤᠢ ᠲᠦᠨ ᠲᠣᠰᠬᠤᠨ ᠳᠤ ᠲᠠᠭᠠᠯᠠᠯ | ᠲᠡᠭᠦᠰᠪᠡ᠃ | ᠲᠦᠷᠪᠡᠳᠦᠭᠡᠷ ᠲᠦᠷᠢ ᠶᠢᠨ ᠭᠡᠭᠡᠨ ᠨᠠᠷᠡᠨᠮᠠᠨᠲᠦᠯᠠ ᠨᠢ ᠴᠠᠬᠠᠷ ᠨᠣᠳᠤᠭ ᠲᠠᠢ ᠬᠤᠷᠴᠢᠨ ᠵᠡᠭᠦᠨ ᠭᠠᠷᠣᠨ | ᠬᠤᠶᠢᠳᠣ ᠬᠤᠰᠢᠭᠤᠨ ᠤ ᠰᠢᠷᠠᠯᠳᠠᠢ ᠶᠢᠨ ᠲᠠᠵᠢᠳᠨᠢᠪᠳᠠᠨ ᠤ ᠬᠦᠦ ᠪᠤᠯᠠᠢ᠃ ᠲᠣᠯᠣᠭᠠᠨ ᠨᠠᠰᠣᠨ ᠳᠤ ᠨᠢ ᠰᠦᠮ᠎ᠡ ᠳᠤ | ᠵᠠᠯᠠᠵᠣ᠂ ᠠᠷᠪᠠᠨ ᠲᠦᠷᠪᠡᠳᠡᠢ ᠳᠤ ᠨᠢ ᠲᠦᠢᠨ ᠯᠠᠮᠠ ᠡᠷᠭᠢᠮᠪᠢᠯᠢᠭᠳᠦ ︵ᠵᠣᠷᠢᠭᠳᠣ ᠸᠠᠩ ᠤᠨ ᠲᠡᠳ᠋ ᠬᠦᠪᠡᠭᠦᠨ︶ | ᠲᠠᠢ ᠬᠠᠮᠳᠣ ᠨᠣᠮ ᠰᠣᠷᠭᠠᠬᠤ ᠪᠠᠷ ᠶᠠᠪᠣᠭᠤᠯᠪᠠ᠃ ᠠᠷᠪᠠᠨ ᠭᠤᠷᠪᠠᠳᠣᠭᠠᠷ ᠲᠦᠷᠢ ᠶᠢᠨ ᠲᠠᠯᠠᠢ ᠯᠠᠮᠠ ᠳᠤ | ᠮᠦᠷᠭᠦᠬᠦ ᠳᠤ᠂ ᠬᠡᠬᠡᠨ ᠨᠠᠷᠡᠨᠮᠠᠨᠲᠦᠯᠠ ᠳᠤ ᠠᠸᠠᠩᠳᠦᠪᠳᠠᠨ ᠬᠡᠮᠡᠬᠦ ᠨᠣᠮ ᠤᠨ ᠨᠡᠷ᠎ᠡ ᠶᠢ ᠬᠠᠶᠢᠷᠠᠯᠠᠪᠠ᠃ ᠲᠦᠢᠨ | ᠯᠠᠮᠠ ᠳᠤ ᠨᠢ ᠰᠸᠧᠠᠩᠳᠣᠩᠷᠣᠪ ᠬᠡᠮᠡᠬᠦ ᠨᠣᠮ ᠤᠨ ᠨᠡᠷ᠎ᠡ ᠬᠠᠶᠢᠷᠠᠯᠠᠪᠠ᠃ ᠶᠠᠭ ᠡᠨᠡ ᠦᠶ᠎ᠡ ᠳᠤ ᠡᠷᠭᠢᠮᠪᠢᠯᠢᠭᠳᠦ ᠶᠢᠨ | ᠠᠬ᠎ᠠ ᠡᠷᠳᠡᠮᠪᠢᠯᠢᠭᠳᠦ ᠵᠣᠷᠢᠭᠳᠣ ᠸᠠᠩ ᠨᠠᠰᠣ ᠨᠦᠭᠴᠢᠭᠰᠡᠨ ᠲᠣᠯᠠ ᠴᠢᠩ ᠣᠯᠣᠰ ᠤᠨ ᠦᠨᠳᠦᠰᠦᠳᠡᠨ ᠤ ᠬᠡᠷᠡᠭ | ᠡᠷᠬᠢᠯᠡᠬᠦ ᠶᠠᠮᠣᠨ ᠠᠴᠠ ᠵᠣᠷᠢᠭᠳᠣ ᠸᠠᠩ ᠤᠨ ᠲᠡᠭᠦᠦ ᠡᠷᠭᠢᠮᠪᠢᠯᠢᠭᠳᠦ ᠶᠢ ᠸᠠᠩ ᠤᠨ ᠰᠠᠭᠤᠷᠢ ᠶᠢ | ᠵᠠᠯᠭᠠᠮᠵᠢᠯᠠᠭᠤᠯᠬᠤ ᠪᠠᠷ ᠲᠣᠭᠳᠠᠵᠣ᠂ ᠯᠾᠠᠰᠠ ᠶᠢᠨ ᠬᠡᠶᠢᠳ ᠠᠴᠠ ᠡᠷᠬᠢᠮᠪᠢᠯᠢᠭᠲᠦ ᠳᠤ ᠯᠾᠠᠷᠠᠮᠪᠠ ᠵᠡᠷᠭᠡ ᠬᠠᠶᠢᠷᠠᠯᠠᠪᠠ᠃ | ᠵᠣᠷᠢᠭᠳᠣ ᠸᠠᠩ ᠡᠷᠬᠢᠮᠪᠢᠯᠢᠭᠲᠦ ᠪᠡᠷᠭᠡᠨ ᠲᠠᠢ ᠪᠠᠨ ᠰᠠᠭᠤᠵᠤ᠂ ᠬᠢᠴᠢᠶᠡᠯᠳᠦ ᠮᠡᠷᠭᠡᠨ ᠬᠡᠬᠦ ᠬᠦᠦ ᠲᠠᠢ ᠪᠤᠯᠤᠬᠰᠡᠨ | ᠪᠦᠬᠡᠳ ᠬᠤᠵᠢᠮ ᠨᠢ ᠬᠢᠲᠡᠳ ᠬᠡᠷᠬᠡᠢ ᠠᠪᠴᠦ᠂ ᠪᠡᠭᠡᠵᠢᠩ ᠳᠤ ᠣᠷᠳᠣ ᠬᠠᠷᠰᠢ ᠪᠠᠶᠢᠭᠤᠯᠣᠨ ︵ᠣᠳᠣ ᠶᠢᠨ | ᠱᠢ ᠶᠢᠨ ᠬᠦᠷᠢᠶᠡᠯᠡᠩ ᠳᠤ︶ ᠰᠠᠭᠤᠪᠠ᠃ | | | | | | | ᠲᠤᠬᠰᠢᠳ ᠤᠨ ᠬᠦᠷᠥᠭ ᠱᠤᠭᠤᠮᠠᠯ | ᠠᠸᠠᠩᠳᠦᠪᠳᠠᠨ ᠲᠦᠪᠡᠳ ᠲᠤ ᠦᠷᠭᠦᠯᠵᠢᠯᠡᠨ ᠨᠣᠮ ᠳᠤ ᠰᠠᠭᠤᠵᠣ᠂ ᠭᠡᠪᠳᠦ ᠶᠣᠰᠣᠳᠣ ᠶᠢᠨ ᠭᠤᠷᠪᠠᠳᠣᠭᠠᠷ | ᠣᠨ ︵1911︶ ᠤ ᠡᠪᠣᠯ᠂ ᠠᠷᠪᠠᠨ ᠨᠢᠭᠡᠨ ᠵᠢᠯ ᠰᠣᠷᠣᠯᠴᠠᠭᠰᠠᠨ ᠯᠾᠠᠰᠠ ᠠᠴᠠ ᠨᠣᠳᠤᠭ ᠵᠦᠭ ᠲᠤ ᠪᠠᠨ | ᠡᠭᠡᠬᠦ ᠳᠤ ᠪᠠᠨ᠂ ᠡᠨᠡᠳᠭᠡᠭ ᠲᠤ ᠬᠦᠷᠴᠣ᠂ ᠡᠨᠡᠳᠭᠡᠭ ᠤᠨ ᠪᠣᠷᠬᠠᠨ ᠱᠠᠰᠢᠨ ᠤ ᠣᠷᠣᠨ ᠢᠶᠠᠷ ᠮᠦᠷᠭᠦᠯ ᠬᠢᠵᠣ | ᠲᠣᠭᠤᠷᠢᠵᠣ ᠶᠠᠪᠣᠬᠤ ᠳᠤ ᠪᠠᠨ ᠰᠢᠶᠠᠩᠭᠠᠩ᠂ ᠰᠢᠩᠭᠠᠫᠤᠷ ᠢᠶᠠᠷ ᠦᠩᠭᠡᠷᠡᠨ ᠰᠧᠴᠣᠸᠠᠨ ᠳᠤ ᠬᠦᠷᠴᠣ᠂ ᠲᠡᠨᠳᠡ ᠠᠴᠠ | ᠲᠠᠬᠢᠨ ᠪᠡᠭᠡᠵᠢᠩ ᠳᠤ ᠣᠴᠢᠬᠤ ᠳᠤ ᠡᠷᠬᠢᠮᠪᠢᠯᠢᠭᠲᠦ ᠸᠠᠩ ᠲᠡᠷᠭᠡᠨ ᠦᠷᠳᠡᠭᠡ ᠠᠴᠠ ᠣᠭᠳᠣᠨ ᠠᠪᠣᠪᠠ᠃ | ᠠᠸᠠᠩᠳᠦᠪᠳᠠᠨ ᠪᠡᠭᠡᠵᠢᠩ ᠳᠤ ᠰᠠᠷ᠎ᠠ ᠢᠯᠡᠭᠦᠦ ᠪᠠᠶᠢᠭᠰᠠᠨ ᠬᠤᠭᠤᠴᠠᠭᠠᠨ ᠳᠤ ᠪᠠᠨ ᠣᠷᠢᠳ ᠬᠤᠵᠢᠳ ᠲᠠᠷᠬᠠᠨ ᠸᠠᠩ | ᠨᠠᠮᠵᠢᠯᠰᠧᠷᠡᠩ ᠪᠠ ᠪᠣᠰᠣᠳ ᠨᠣᠶᠠᠳ ᠲᠠᠢ ᠠᠭᠤᠯᠵᠠᠨ ᠵᠣᠯᠭᠠᠵᠣ᠂ ᠦᠨᠳᠦᠰᠦᠳᠡᠨ ᠤ ᠬᠡᠷᠡᠭ ᠡᠷᠬᠢᠯᠡᠬᠦ ᠶᠠᠮᠣᠨ ᠤ | ᠬᠠᠷᠢᠭᠤᠴᠠᠯᠭᠠᠳᠠᠨ ᠬᠠᠷᠠᠴᠢᠨ ᠸᠠᠩ ᠬᠦᠩᠰᠠᠩᠨᠤᠷᠪᠤ ᠨᠠᠷ ᠲᠠᠢ ᠵᠣᠯᠭᠠᠨ᠂ ᠲᠡᠭᠦᠨ ᠤ ᠲᠠᠭᠠᠭᠤᠯᠭ᠎ᠠ ᠪᠠᠷ ᠲᠦᠷ | ᠴᠠᠭ ᠤᠨ ᠶᠡᠷᠣᠩᠬᠡᠶᠢᠯᠡᠭᠴᠢ ᠶᠤᠸᠠᠨ ᠱᠢ ᠺᠠᠢ ᠲᠠᠢ ᠠᠭᠤᠯᠵᠠᠭᠠᠳ ︽ᠡᠷᠳᠡᠨᠢᠰᠡᠴᠡᠨᠨᠣᠮᠣᠬᠠᠨ ᠭᠡᠭᠡᠨ︾ ᠬᠡᠮᠡᠬᠦ ᠴᠣᠯᠠ | ᠣᠯᠪᠠ᠃ ᠶᠤᠸᠠᠨ ᠱᠢ ᠺᠠᠢ᠂ ᠳ᠋ᠤᠸᠠᠨ ᠴᠢ ᠷᠦᠢ᠂ ᠬᠦᠩᠰᠠᠩᠨᠤᠷᠪᠤ ᠵᠢᠴᠢ ᠮᠣᠩᠭᠤᠯ ᠤᠨ ᠸᠠᠩ ᠭᠦᠩ ᠨᠠᠷ | ᠦᠪᠡᠳᠡᠭᠰᠢ ᠲᠠᠶᠢᠯᠠᠯᠭ᠎ᠠ ᠬᠢᠪᠡ᠃ ᠠᠸᠠᠩᠳᠦᠪᠳᠠᠨ ᠣᠳᠠᠯ ᠦᠭᠡᠢ ᠪᠡᠭᠡᠵᠢᠩ ᠠᠴᠠ ᠮᠣᠷᠳᠠᠨ ᠮᠦᠭᠳᠡᠨ ᠳᠤ ᠬᠦᠷᠴᠣ᠂ | ᠵᠠᠩ ᠽᠦᠸᠧ ᠯᠢᠨ ᠳᠤ ᠪᠠᠷᠠᠭᠠᠳᠠᠨ᠂ ᠲᠠᠭᠢᠨ ᠵᠧᠩ ᠶᠧ ︵ᠣᠳᠣ ᠶᠢᠨ ᠵᠧᠩ ᠵᠢᠶᠠ ᠲᠦᠨ︶ ᠦᠷᠳᠡᠭᠡᠨ ᠳᠤ | ᠬᠦᠷᠴᠦ ᠲᠡᠷᠭᠡᠨ ᠠᠴᠠ ᠪᠠᠭᠤᠬᠤ ᠳᠤ᠂ ᠪᠠᠶᠠᠨ ᠮᠣᠷᠣᠢ ᠶᠢᠨ ᠰᠦᠮ᠎ᠡ ᠠᠴᠠ ᠲᠡᠷᠭᠡ ᠬᠦᠰᠭᠡ ᠢᠷᠡᠭᠦᠯᠵᠣ ᠲᠣᠰᠣᠨ | ᠠᠪᠠᠴᠢᠪᠠ᠃ ᠠᠸᠠᠩᠳᠦᠪᠳᠠᠨ ᠰᠦᠮ᠎ᠡ ᠳᠤ ᠢᠷᠡᠮᠡᠭᠴᠡ ᠪᠠᠭᠰᠢ ᠶᠢᠨ ᠭᠡᠭᠡᠨ ᠳᠤ ᠪᠠᠨ ᠶᠣᠰᠣᠷᠬᠠᠭ ᠵᠤᠯᠭᠠᠭᠰᠠᠨ | ᠪᠦᠭᠡᠳ ᠸᠠᠩ᠂ ᠭᠦᠩ᠂ ᠭᠡᠭᠡᠨ᠂ ᠬᠤᠪᠢᠯᠭᠠᠨ ᠨᠠᠷ ᠤᠨ ᠬᠠᠯᠠᠭᠤᠨ ᠲᠣᠳᠣᠨᠣ ᠶᠢᠨ ᠤᠭᠳᠤᠯᠭ᠎ᠠ ᠶᠢ ᠬᠦᠯᠢᠶᠡᠭᠡᠳ | ᠬᠡᠬᠡᠨ ᠤᠷᠳᠤᠨ ᠳᠤ ᠪᠠᠨ ᠵᠠᠯᠠᠷᠠᠨ ᠮᠦᠷᠭᠦᠯ ᠲᠠᠯᠪᠢᠵᠦ᠂ ᠰᠦᠮ᠎ᠡ ᠶᠢᠨ ᠠᠯᠢᠪᠠ ᠡᠷᠬᠡ ᠪᠠᠨ ᠭᠡᠭᠡᠨ ᠦᠪᠡᠰᠦᠪᠠᠨ | ᠠᠳᠬᠤᠭᠠᠳ ᠰᠦᠮ᠎ᠡ ᠬᠡᠶᠢᠳ ᠤᠨ ᠡᠭᠦᠨ ᠠᠴᠠ ᠬᠤᠶᠢᠰᠢ ᠶᠢᠨ ᠬᠦᠭᠵᠢᠯ ᠪᠠᠳᠠᠷᠠᠯ ᠢ ᠠᠬᠢᠭᠤᠯᠬᠤ ᠶᠢᠨ ᠲᠦᠯᠦᠭᠡ | ᠪᠦᠬᠦ ᠰᠡᠳᠭᠢᠯ ᠪᠦᠬᠦ ᠵᠣᠷᠢᠭ ᠢᠶᠠᠷ ᠢᠶᠠᠨ ᠴᠢᠷᠮᠠᠶᠢᠨ ᠵᠢᠳᠭᠦᠭᠰᠡᠨ ᠪᠠᠶᠢᠨ᠎ᠠ᠃ | ᠲᠣᠬᠠᠢ ᠶᠢᠨ ᠦᠶᠡᠰ᠂ ᠴᠡᠷᠢᠭ ᠤᠨ ᠡᠷᠬᠡᠳᠡᠨ ᠲᠣᠳᠣᠭᠠᠳᠣ ᠶᠢᠨ ᠲᠠᠶᠢᠨ ᠢ ᠲᠡᠭᠳᠡᠭᠡᠵᠣ᠂ ᠵᠡᠭᠦᠨ ᠭᠤᠷᠪᠠᠨ | ᠮᠣᠵᠢ ᠳᠤ ᠲᠡᠭᠡᠷᠡᠮ ᠰᠠᠮᠠᠭᠤᠷᠠᠨ᠂ ᠴᠠᠭ ᠤᠨ ᠪᠠᠶᠢᠳᠠᠯ ᠮᠠᠰᠢ ᠲᠦᠭᠰᠢᠭᠦᠷᠢᠳᠡᠢ ᠪᠠᠶᠢᠪᠠ᠃ ᠠᠸᠠᠩᠳᠦᠪᠳᠠᠨ ᠭᠡᠭᠡᠨ ᠤ | ᠠᠪᠤ ᠶᠢ ᠨᠢ ᠲᠡᠭᠡᠷᠡᠮᠴᠤᠳ ᠪᠠᠷᠢᠴᠠᠭᠠᠯᠠᠨ ᠠᠪᠠᠴᠢᠬᠰᠠᠨ ᠳᠤ᠂ ᠬᠡᠳᠦᠢ ᠰᠣᠷᠠᠭᠯᠠᠨ ᠡᠷᠢᠭᠰᠡᠨ ᠪᠣᠯᠪᠠᠴᠣ ᠵᠦᠪᠬᠡᠨ | ᠦᠷᠦᠭᠡᠰᠦᠨ ᠭᠤᠳᠣᠯ ᠢ ᠨᠢ ᠯᠠ ᠡᠷᠢᠵᠦ ᠤᠯᠤᠭᠰᠠᠨ ᠬᠡᠷᠡᠭ ᠭᠠᠷᠤᠭᠰᠠᠨ ᠠᠴᠠ ᠭᠡᠭᠡᠨ ᠲᠡᠭᠡᠳᠣ ᠲᠦᠷᠢ ᠶᠢᠨ | ᠭᠡᠭᠡᠳ ᠤᠨ ᠴᠣᠭᠯᠠᠭᠤᠯᠣᠭᠰᠠᠨ ᠠᠯᠳᠠ ᠮᠦᠩᠭᠦ᠂ ᠡᠳ᠋ ᠡᠷᠳᠡᠨᠢᠰ ᠪᠦᠬᠦᠨ ᠢ ᠲᠦᠩᠯᠢᠶᠣᠣ ᠶᠢᠨ ︽ᠰᠢᠩ ᠶᠧ︾ | ᠪᠠᠩᠬᠢ ᠳᠤ ᠬᠠᠳᠠᠭᠠᠯᠠᠪᠠ᠃ ᠪᠠᠰᠠ ᠰᠦᠮ᠎ᠡ ᠪᠠ ᠮᠠᠯ ᠰᠦᠷᠦᠭ ᠢᠶᠠᠨ ᠬᠠᠮᠠᠭᠠᠯᠠᠬᠤ ᠶᠢᠨ ᠲᠦᠯᠦᠭᠡ ᠵᠠᠩ ᠽᠦᠸᠧ | ᠯᠢᠨ ᠢᠶᠠᠷ ᠵᠦᠪᠰᠢᠶᠡᠷᠡᠭᠦᠯᠦᠨ᠂ ᠣᠣᠯ ᠤᠨ ᠪᠠᠶᠢᠭᠰᠠᠨ ᠵᠡᠪᠰᠡᠭᠳᠣ ᠬᠦᠴᠦᠨ ᠢᠶᠠᠨ ᠵᠠᠭᠤ ᠵᠢᠷᠠᠨ ᠬᠦᠮᠦᠨ ᠤ ᠰᠦᠮ᠎ᠡ | ᠬᠠᠮᠠᠭᠠᠯᠠᠬᠤ ᠴᠡᠷᠢᠭ ᠠᠩᠬᠢ ᠪᠣᠯᠭᠠᠪᠠ᠃ ᠴᠡᠷᠢᠭ ᠤᠨ ᠬᠤᠪᠴᠠᠰᠣ ᠬᠤᠨᠠᠷ᠂ ᠵᠡᠷ ᠵᠡᠪᠰᠡᠭ ᠢᠶᠠᠨ ᠰᠢᠨᠡᠳᠭᠡᠨ ᠫᠠᠶᠢᠰᠠ | ᠲᠡᠮᠳᠡᠭ ᠲᠠᠢ ᠴᠡᠷᠢᠭ ᠠᠩᠬᠢ ᠪᠣᠯᠭᠠᠵᠣ᠂ ᠰᠦᠮ᠎ᠡ ᠶᠢᠨ ᠢᠶᠠᠨ ᠭᠠᠳᠠᠭᠤᠷ ᠰᠣᠪᠠᠭ ᠭᠤᠣ ᠲᠠᠳᠠᠨ ᠪᠠᠳᠣ | ᠪᠠᠬᠢᠯᠡᠯᠳᠡ ᠲᠠᠢ ᠪᠣᠯᠭᠠᠪᠠ᠃ | ᠰᠦᠮ᠎ᠡ ᠶᠢᠨ ᠰᠠᠩ ᠪᠠ ᠯᠠᠮᠠ ᠬᠤᠸᠠᠷᠠᠭ ᠤᠨ ᠡᠳᠣᠷ ᠲᠣᠳᠣᠮ ᠤᠨ ᠠᠮᠢᠳᠣᠷᠠᠯ ᠤᠨ ᠬᠡᠷᠡᠭᠰᠡᠯ ᠢ | ᠬᠠᠩᠭᠠᠬᠤ ᠶᠢᠨ ᠲᠦᠯᠦᠭᠡ᠂ ᠰᠦᠮ᠎ᠡ ᠠᠴᠠ ᠡᠮᠦᠨᠡᠰᠢ ᠲᠠᠪᠣᠨ ᠭᠠᠵᠠᠷ ᠤᠨ ᠵᠠᠢ ᠳᠤ ᠭᠡᠷ ᠪᠠᠷᠢᠯᠭ᠎ᠠ ᠪᠠᠷᠢᠨ᠂ ᠵᠡᠭᠡᠯᠢ | ᠭᠤᠲᠦᠮᠵᠢ ᠲᠠᠢ ᠪᠣᠯᠭᠠᠪᠠ᠃ ᠲᠡᠨᠳᠡ ᠬᠤᠳᠠᠯᠳᠤᠭ᠎ᠠ ᠮᠠᠶᠢᠮᠠᠢ᠂ ᠮᠣᠳᠣ᠂ ᠲᠡᠮᠦᠷ᠂ ᠵᠠᠰ ᠭᠠᠥᠯᠢᠨ ᠤ ᠫᠦᠰᠡ᠂ | ᠠᠷᠢᠭᠢ ᠨᠡᠷᠡᠭᠦ᠂ ᠵᠣᠴᠢᠨ ᠲᠡᠷᠭᠡᠨ ᠤ ᠪᠠᠭᠤᠳᠠᠯ ᠲᠠᠢ᠃ ᠰᠦᠮ᠎ᠡ ᠶᠢᠨ ᠴᠡᠷᠢᠭ ᠤᠨ ᠬᠤᠷᠢᠶ᠎ᠠ ᠪᠠᠨ ᠴᠦ ᠵᠡᠭᠡᠯᠢ | ᠭᠤᠲᠦᠮᠵᠢ ᠶᠢᠨ ᠲᠡᠷᠭᠡᠳᠡ ᠬᠦᠷᠢᠶ᠎ᠡ ᠪᠠᠶᠢᠭᠤᠯᠣᠨ ᠰᠠᠭᠤᠯᠭᠠᠪᠠ᠃ ᠪᠠᠰᠠ ᠠᠷᠪᠠᠨ ᠬᠡᠳᠦᠨ ᠲᠠᠰᠣᠯᠭ᠎ᠠ ᠸᠠᠭᠠᠷ ᠤᠨ | ᠭᠡᠷ ᠪᠠᠷᠢᠵᠦ᠂ ᠲᠠᠪᠣᠨ ᠪᠠᠭᠰᠢ ᠵᠠᠯᠠᠨ ᠠᠪᠴᠢᠷᠠᠵᠤ᠂ ᠬᠤᠰᠢᠭᠤᠨ ᠤ ᠲᠣᠳᠣᠨ᠎ᠠ ᠭᠠᠳᠠᠨ᠎ᠠ ᠠᠴᠠ ᠮᠣᠩᠭᠤᠯ᠂ ᠬᠢᠳᠠᠳ | ᠰᠣᠷᠣᠬᠴᠢ ᠵᠠᠭᠤ ᠢᠯᠡᠭᠦᠦ ᠬᠦᠮᠦᠨ ᠡᠯᠰᠡᠵᠦ᠂ ᠪᠠᠶᠠᠨ ᠮᠣᠷᠣᠢ ᠶᠢᠨ ᠰᠦᠮ᠎ᠡ ᠶᠢᠨ ᠰᠣᠷᠭᠠᠭᠤᠯᠢ ᠶᠢ ᠪᠠᠶᠢᠭᠤᠯᠪᠠ᠃ | ᠲᠡᠷᠡ ᠦᠶ᠎ᠡ ᠶᠢᠨ ᠠᠷᠠᠯᠵᠢᠶ᠎ᠠ ᠮᠠᠶᠢᠮᠠᠢ ᠨᠢ ᠦᠨᠳᠦᠰᠦᠨ ᠳᠤ ᠪᠠᠨ ᠪᠠᠷᠠᠭ᠎ᠠ ᠶᠢᠨ ᠰᠣᠯᠢᠯᠴᠠᠭ᠎ᠠ ᠪᠠᠷ | ᠭᠤᠣᠯᠯᠠᠵᠦ ᠪᠠᠶᠢᠬᠰᠠᠨ ᠶᠤᠮ᠃ ᠲᠠᠷᠦᠢ ᠨᠠᠮᠦᠷ ᠤᠨ ᠠᠯᠢᠰᠣ ᠡᠪᠡᠰᠦ᠂ ᠠᠷᠭᠠᠯ ᠲᠦᠯᠡᠭᠡ᠂ ᠪᠣᠳᠠᠭ᠎ᠠ ᠬᠤᠨᠢ ᠦᠬᠡᠷ | ᠵᠡᠷᠭᠡ ᠶᠢᠨ ᠠᠷᠠᠯᠵᠢᠶ᠎ᠠ ᠪᠠᠶᠢᠬᠰᠠᠨ ᠪᠢᠯᠡ᠃ | ᠰᠢᠶᠠᠨ ᠪᠠᠯᠭᠠᠰᠣ ᠳᠤ ᠶᠠᠮᠦᠨ ᠪᠠᠶᠢᠭᠤᠯᠣᠨ᠂ ᠠᠳᠠᠷ ᠬᠠᠭᠠᠯᠪᠣᠷᠢᠯᠠᠨ᠂ ᠠᠷᠠᠳ ᠢᠷᠭᠡᠳ ᠢ ᠶᠡᠭᠡ | ᠬᠡᠮᠵᠢᠶ᠎ᠡ ᠪᠠᠷ ᠨᠡᠭᠦᠯᠭᠡᠨ ᠣᠷᠣᠭᠤᠯᠵᠦ᠂ ᠨᠣᠳᠤᠭ ᠪᠡᠯᠴᠢᠭᠡᠷ ᠰᠢᠬᠠᠭᠤ ᠪᠣᠯᠣᠬᠰᠠᠨ ᠠᠴᠠ᠂ ᠪᠠᠶᠠᠨ ᠮᠣᠷᠣᠢ ᠶᠢᠨ | ᠰᠦᠮ᠎ᠡ ᠨᠢ ᠲᠠᠪᠣᠨ ᠵᠠᠭᠤ ᠲᠠᠪᠣᠨ ᠠᠷ ᠲᠡᠷᠢᠶ᠎ᠠ ᠠᠴᠠ ᠭᠠᠳᠠᠨ᠎ᠠ᠂ ᠡᠯ᠎ᠡ ᠰᠠᠩ ᠤᠨ ᠣᠯᠠᠰᠢᠷᠠᠬᠰᠠᠨ ᠮᠠᠯ | ᠰᠦᠷᠦᠭ ᠨᠢ ᠪᠡᠯᠴᠢᠭᠡᠷ ᠦᠭᠡᠢ ᠪᠣᠯᠤᠬᠰᠡᠨ ᠠᠴᠠ ᠠᠷᠪᠠᠨ ᠭᠤᠷᠪᠠ ᠣᠳᠠᠭ᠎ᠠ ᠠᠷᠦ ᠮᠠᠩᠬᠠᠨ ︵ᠣᠳᠣ ᠶᠢᠨ | ᠬᠤᠸᠠᠬᠤᠰᠢᠭᠤ ᠰᠣᠮᠣ ᠶᠢᠨ ᠪᠠᠷᠠᠭᠤᠨ ᠬᠡᠰᠡᠭ᠂ ᠵᠢᠷᠦᠬᠡ ᠮᠠᠯᠵᠢᠯ ᠤᠨ ᠲᠠᠯᠠᠪᠠᠢ᠂ ᠠᠷᠣ ᠠᠭᠤᠯᠠᠨ ᠤ ᠡᠮᠣᠨ᠎ᠡ ᠬᠡᠰᠡᠭ | ︶ ᠤ ᠣᠰᠣ ᠪᠡᠯᠴᠢᠭᠡᠷ ᠰᠠᠶᠢᠨ ᠨᠣᠳᠤᠭ ᠲᠤ ᠨᠡᠭᠦᠯᠭᠡᠨ ᠣᠷᠣᠭᠤᠯᠪᠠ᠃ ᠡᠭᠦᠨ ᠠᠴᠠ ᠭᠠᠳᠠᠨ᠎ᠠ᠂ ᠰᠦᠮ᠎ᠡ ᠶᠢᠨ | ᠰᠠᠩ ᠠᠴᠠ ᠪᠠᠰᠠ ᠬᠤᠵᠢᠷ ᠰᠢᠷᠭᠠᠭᠠᠬᠤ ᠭᠠᠵᠠᠷ᠂ ᠣᠢ ᠰᠢᠭᠤᠢ ᠶᠢᠨ ᠲᠠᠯᠠᠪᠠᠢ᠂ ᠵᠢᠭᠠᠰᠣᠨ ᠨᠠᠭᠤᠷ ᠵᠡᠷᠭᠡ ᠶᠢ | ᠡᠭᠦᠳᠦᠨ ᠪᠠᠶᠢᠭᠤᠯᠪᠠ᠃ ᠲᠦᠩᠯᠢᠶᠣᠣ ᠰᠢᠶᠠᠨ ᠳᠤ ᠵᠡᠭᠦᠨᠰᠢ ᠪᠠᠷᠠᠭᠤᠨᠰᠢ ᠠᠷᠪᠠᠨ ᠵᠠᠩ ᠣᠷᠳᠣ᠂ ᠡᠮᠣᠨᠡᠰᠢ ᠣᠮᠠᠷᠠᠰᠢ | ᠵᠢᠷᠠᠨ ᠵᠠᠩ ᠣᠷᠳᠣ ᠪᠠᠶᠢᠬᠤ ᠬᠡᠳᠦᠨ ᠬᠡᠰᠡᠭ ᠭᠠᠵᠠᠷ ᠬᠤᠳᠠᠯᠳᠣᠨ ᠠᠪᠴᠣ᠂ ᠭᠡᠷ ᠪᠠᠶᠢᠰᠢᠩ ᠪᠠᠷᠢᠨ ᠬᠦᠷᠢᠶ᠎ᠡ | ᠬᠠᠰᠢᠶ᠎ᠠ ᠪᠠᠶᠢᠭᠤᠯᠣᠭᠠᠳ ᠭᠤᠣᠯ ᠭᠡᠷ ᠤᠨ ᠡᠭᠦᠳᠡᠨ ᠲᠡᠭᠡᠷ᠎ᠡ ︽ᠡᠷᠳᠡᠨᠢᠰᠡᠴᠡᠨᠨᠣᠮᠣᠬᠠᠨ ᠭᠡᠭᠡᠨ ᠰᠠᠩ︾ ᠬᠡᠮᠡᠬᠦ | ᠭᠤᠷᠪᠠᠨ ᠬᠡᠯᠡ ᠶᠢᠨ ᠪᠢᠴᠢᠭ ᠲᠠᠢ ᠫᠠᠶᠢᠰᠠ ᠡᠯᠭᠦᠪᠡ᠃ ᠡᠭᠦᠳᠡᠨ ᠭᠠᠳᠠᠨ᠎ᠠ ᠪᠠᠨ ᠮᠣᠳᠣᠨ ᠭᠡᠷ ᠪᠠᠷᠢᠵᠣ ᠬᠠᠷᠠᠭᠤᠯ | ᠮᠠᠨᠠᠭ᠎ᠠ ᠲᠣᠬᠢᠷᠠᠭᠤᠯᠵᠣ ᠪᠢᠯᠡ᠃ ᠹᠦ᠋ ᠵᠢᠥᠢ ᠠᠮᠣ ᠪᠣᠳᠠᠭᠠᠨ ᠤ ᠫᠦᠰᠡ᠂ ᠹᠦ᠋ ᠹᠠ ᠠᠷᠠᠰᠣᠨ ᠡᠳ᠋ᠯᠡᠯ ᠤᠨ ᠫᠦᠰᠡ᠂ | ᠲᠢᠶᠠᠨ ᠲᠠᠢ ᠡᠾᠧ ᠪᠦᠷᠢᠨ ᠪᠠᠷᠠᠭᠠᠨ ᠤ ᠫᠦᠰᠡ᠂ ᠰᠢᠩ ᠯᠦᠩ ᠮᠣᠷᠢᠨ ᠲᠡᠷᠭᠡᠨ ᠪᠠᠭᠤᠳᠠᠯ ᠵᠡᠷᠭᠡ ᠶᠢ ᠪᠠᠶᠢᠭᠤᠯᠵᠣ᠂ | ᠦᠯᠡᠳᠡᠭᠰᠡᠨ ᠭᠡᠷ ᠪᠠᠶᠢᠰᠢᠩ ᠢᠶᠠᠨ ᠭᠠᠳᠠᠭᠰᠢ ᠲᠦᠷᠢᠶᠡᠰᠦᠯᠡᠭᠦᠯᠵᠣ᠂ ᠰᠦᠮ᠎ᠡ ᠶᠢᠨ ᠰᠠᠩ ᠢᠶᠠᠨ ᠮᠠᠰᠢ ᠰᠠᠶᠢᠨ | ᠬᠦᠭᠵᠢᠭᠦᠯᠦᠭᠰᠡᠨ ᠪᠠᠶᠢᠨ᠎ᠠ᠃ | ᠡᠨᠡ ᠮᠡᠳᠣ ᠨᠢᠭᠡᠨ ᠦᠶ᠎ᠡ ᠨᠡᠷ᠎ᠡ ᠠᠯᠳᠠᠷᠰᠢᠭᠰᠠᠨ ᠰᠦᠮ᠎ᠡ ᠬᠡᠶᠢᠳ ᠪᠣᠯᠬᠤ ᠪᠠᠶᠠᠨ ᠮᠣᠷᠣᠢ ᠶᠢᠨ ᠰᠦᠮ᠎ᠡ ᠶᠢᠨ | ᠣᠷᠣ ᠦᠭᠡᠢ ᠪᠣᠯᠳᠠᠯ᠎ᠠ ᠵᠠᠮᠬᠠᠷᠠᠭᠰᠠᠨ ᠢ ᠪᠣᠳᠣᠬᠤᠯᠠᠷ᠂ ᠳᠣᠳᠣᠷ᠎ᠠ ᠡᠪ ᠦᠭᠡᠶᠢᠬᠡᠨ ᠪᠣᠯᠵᠣ ᠣᠴᠢᠳᠠᠭ ᠨᠢ ᠦᠨᠡᠨ | ᠶᠣᠮ ᠰᠠᠨ᠃ 1932 ᠣᠨ ᠤ ᠡᠪᠣᠯ᠂ ᠶᠠᠫᠣᠨ ᠤ ᠭᠤᠸᠠᠨᠳᠦ᠋ᠩᠵᠢᠶᠦ᠋ᠨ ᠤ ᠴᠡᠷᠢᠭ ᠤᠨ ᠲᠦᠷᠦᠭᠦᠦ ᠪᠧᠨ ᠵᠣᠸᠠᠩ | ᠹᠠᠨ᠂ ᠴᠣᠸᠠᠨ ᠳᠣᠣ ᠹᠠᠩ ᠽᠢ᠂ ᠰᠦᠩ ᠵᠢᠩ ᠴᠢᠩ ᠵᠥ᠂ ᠡᠾᠧ ᠲᠢᠶᠠᠨ ᠨᠠᠷ ᠮᠦᠭᠳᠡᠨ ᠳᠤ ᠨᠢᠭᠡᠨ ᠡᠳᠣᠷ ᠤᠨ | ᠨᠢᠭᠤᠴᠠ ᠬᠤᠷᠠᠯ ᠬᠤᠷᠠᠯᠳᠣᠭᠤᠯᠵᠣ᠂ ᠮᠣᠩᠭᠤᠯᠵᠢᠨ ᠤ ᠭᠠᠨᠵᠤᠤᠷᠵᠠᠪ᠂ ᠪᠦᠸᠧ ᠸᠠᠩ ᠬᠤᠰᠢᠭᠤᠨ ︵ᠬᠤᠷᠴᠢᠨ | ᠵᠡᠬᠦᠨ ᠭᠠᠷᠤᠨ ᠬᠤᠶᠢᠳᠦ ᠬᠤᠰᠢᠭᠤ︶ ᠤ ᠡᠷᠳᠡᠨᠢᠪᠢᠯᠢᠭ᠂ ᠲᠠᠷᠬᠠᠨ ᠬᠤᠰᠢᠭᠤᠨ ︵ᠬᠤᠷᠴᠢᠨ ᠵᠡᠬᠦᠨ ᠭᠠᠷᠤᠨ | ᠲᠤᠮᠳᠠᠳᠤ ᠬᠤᠰᠢᠭᠤ︶ ᠤ ᠬᠠᠨ ᠰᠸᠧᠠᠩ᠂ ᠬᠦᠯᠦᠨ ᠪᠤᠶᠢᠷ ᠤᠨ ᠲᠠᠷᠵᠣᠮᠠᠷᠰᠢ᠂ ᠪᠠᠶᠠᠨ ᠮᠣᠷᠣᠢ ᠶᠢᠨ ᠰᠦᠮ᠎ᠡ ᠶᠢᠨ | ᠠᠸᠠᠩᠳᠦᠪᠳᠠᠨ ᠭᠡᠭᠡᠨ᠂ ᠪᠢᠩᠳᠣ ᠬᠤᠰᠢᠭᠤᠨ ᠤ ᠪᠣᠶᠠᠨᠮᠠᠨᠳᠣᠬᠤ᠂ ᠬᠠᠷᠠᠴᠢᠨ ᠤ ᠲᠡᠮᠣᠷᠪᠠᠭᠠᠨᠠ᠂ ᠵᠡᠭᠦᠨ | ᠬᠤᠶᠢᠳᠣ ᠶᠢᠨ ᠮᠣᠩᠭᠤᠯ ᠬᠤᠰᠢᠭᠤᠳ ᠤᠨ ᠪᠠᠭᠰᠢ ᠶᠢᠨ ᠰᠣᠷᠭᠠᠭᠤᠯᠢ ᠶᠢᠨ ᠰᠣᠷᠣᠭᠴᠢ ᠶᠢᠨ ᠲᠦᠯᠦᠭᠡᠯᠡᠭᠴᠢ | ᠣᠷᠣᠯᠴᠠᠭᠰᠠᠨ ᠬᠤᠷᠠᠯ ᠢᠶᠠᠷ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠴᠡᠷᠢᠭ︾ ᠪᠠᠶᠢᠭᠤᠯᠬᠤ ᠶᠠᠪᠣᠳᠠᠯ ᠢ | ᠵᠦᠪᠳᠡᠯᠴᠡᠨ ᠲᠣᠭᠳᠠᠵᠣ᠂ ᠭᠤᠷᠪᠠᠨ ᠠᠷᠮᠢ ᠴᠡᠷᠢᠭ ᠪᠠᠶᠢᠭᠤᠯᠣᠭᠠᠳ ᠿᠧ ᠡᠾᠧ ᠮᠣᠵᠢ ᠶᠢ ᠴᠣᠬᠢᠬᠤ ᠪᠠᠷ | ᠲᠣᠭᠳᠠᠭᠰᠠᠨ ᠪᠠᠶᠢᠪᠠ᠃ ᠬᠤᠷᠠᠯ ᠲᠠᠷᠬᠠᠭᠰᠠᠨ ᠤ ᠲᠠᠷᠠᠭ᠎ᠠ ᠭᠡᠷ ᠭᠡᠷ ᠲᠤ ᠪᠠᠨ ᠬᠠᠷᠢᠵᠠᠭᠠᠵᠣ᠂ ᠰᠢᠨᠡᠯᠡᠭᠡᠳ ᠡᠷᠭᠢᠵᠣ | ᠢᠷᠡᠪᠡᠯ ᠴᠡᠷᠢᠭ ᠬᠦᠳᠡᠯᠬᠦ ᠪᠠᠷ ᠪᠣᠯᠪᠠ᠃ ᠰᠦᠮ᠎ᠡ ᠳᠤ ᠵᠦᠪᠭᠡᠨ ᠭᠤᠷᠪᠠᠳᠣᠭᠠᠷ ᠠᠷᠮᠢ ᠶᠢᠨ ᠭᠠᠨᠵᠤᠤᠷᠵᠠᠪ᠂ | ᠠᠸᠠᠩᠳᠦᠪᠳᠡᠨ᠂ ᠰᠦᠩ ᠵᠢᠩ ᠨᠠᠷ ᠪᠠᠶᠢᠪᠠ᠃ ᠡᠨᠡ ᠮᠡᠳᠡᠭᠡ ᠶᠢ ᠨᠠᠨᠵᠢᠩ ᠤᠨ ᠭᠤᠮᠢᠨᠳᠠᠩ ᠤᠨ ᠵᠠᠰᠠᠭ ᠤᠨ ᠭᠠᠵᠠᠷ | ᠣᠯᠵᠣ ᠮᠡᠳᠡᠭᠡᠳ᠂ ᠦᠳᠳᠡᠷ ᠲᠦᠷᠭᠡᠨ ᠳ᠋ᠢᠶᠠᠨᠪᠣᠣ ᠢᠯᠡᠭᠡᠨ᠂ ᠿᠧ ᠡᠾᠧ ᠶᠢᠨ ᠴᠡᠷᠢᠭ ᠤᠨ ᠡᠷᠭᠡᠳᠡᠨ ᠠᠷᠪᠠᠨ | ᠲᠣᠯᠣᠳᠣᠭᠠᠷ ᠪᠠᠷᠢᠭᠠᠳᠠ ᠶᠢᠨ ᠰᠧᠯᠢᠩ ᠽᠦᠢ ᠰᠢᠩ ᠡᠦ᠂ ᠵᠣᠣ ᠣᠳᠠ ᠶᠢᠨ ᠮᠣᠩᠭᠤᠯ ᠴᠡᠷᠢᠭ ᠤᠨ ᠯᠢ ᠱᠸᠦ ᠰᠢᠨ | ᠂ ᠬᠦ ᠪᠣᠣ ᠱᠠᠨ ᠨᠠᠷ ᠢ ᠮᠣᠷᠢᠳᠦ ᠴᠡᠷᠢᠭ ᠲᠣᠮᠢᠯᠠᠨ᠂ ᠪᠠᠶᠠᠨ ᠮᠣᠷᠣᠢ ᠶᠢᠨ ᠰᠦᠮ᠎ᠡ ᠶᠢ ᠪᠦᠰᠡᠯᠡᠨ ᠴᠣᠬᠢᠭᠤᠯᠪᠠ᠃ | ᠪᠠᠶᠢᠯᠳᠤᠭᠠᠨ ᠡᠬᠢᠯᠡᠩᠭᠦᠳᠡ ᠶᠠᠫᠣᠨ ᠤ ᠲᠦᠷᠦᠭᠦᠦ ᠰᠥᠩ ᠵᠢᠩ ᠠᠯᠠᠬᠳᠠᠵᠦ᠂ ᠭᠤᠷᠪᠠᠳᠣᠭᠠᠷ ᠠᠷᠮᠢ ᠶᠢᠨ ᠰᠧᠯᠢᠩ | ᠭᠠᠨᠵᠤᠤᠷᠵᠠᠪ᠂ ᠠᠸᠠᠩᠳᠦᠪᠳᠡᠨ ᠨᠠᠷ ᠰᠦᠮ᠎ᠡ ᠶᠢᠨ ᠡᠮᠦᠨ᠎ᠡ ᠡᠭᠦᠳᠡ ᠪᠠᠷ ᠰᠢᠪᠳᠦᠯᠦᠨ ᠭᠠᠷᠪᠠ᠃ ᠠᠷᠪᠠᠨ | ᠳᠣᠯᠣᠳᠣᠭᠠᠷ ᠪᠠᠷᠢᠭᠠᠳᠠ ᠰᠦᠮ᠎ᠡ ᠳᠤ ᠣᠷᠣᠵᠦ ᠢᠷᠡᠭᠡᠳ᠂ ᠰᠦᠮ᠎ᠡ ᠶᠢᠨ ᠵᠠᠭᠤ ᠢᠯᠡᠭᠦᠦ ᠵᠢᠯ ᠴᠣᠬᠯᠠᠭᠤᠯᠣᠬᠰᠠᠨ | ᠠᠯᠳᠠ ᠮᠦᠩᠭᠦᠨ ᠪᠣᠷᠬᠠᠨ᠂ ᠡᠳ᠋ ᠡᠷᠳᠡᠨᠢᠰ᠂ ᠮᠠᠯ ᠰᠦᠷᠦᠭ ᠢ ᠴᠦᠯᠪᠡᠳᠡᠨ ᠳᠡᠭᠡᠷᠡᠮᠳᠡᠭᠡᠳ᠂ ᠭᠠᠯ ᠲᠠᠯᠪᠢᠨ | ᠬᠦᠮᠦᠨ ᠠᠯᠠᠨ ᠡᠭᠡᠪᠡ᠃ ᠰᠦᠮ᠎ᠡ ᠶᠢᠨ ᠭᠠᠵᠠᠷ ᠰᠢᠷᠣᠢ ᠪᠠ ᠲᠦᠩᠯᠢᠶᠣᠣ ᠳᠠᠬᠢ ᠬᠠᠳᠠᠭᠠᠯᠠᠮᠵᠢ ᠯᠠ ᠦᠯᠡᠳᠡᠪᠡ᠃ | ᠯᠠᠮᠠ ᠬᠤᠸᠠᠷᠠᠭ ᠨᠢ ᠲᠣᠳᠠᠭᠠᠬᠤ ᠨᠢ ᠲᠣᠳᠠᠭᠠᠵᠣ᠂ ᠡᠭᠦᠨ ᠤ ᠲᠡᠭᠡᠷ᠎ᠡ ᠬᠤᠯᠣᠭᠠᠨ᠎ᠠ ᠶᠢᠨ ᠬᠢᠵᠢᠭ ᠣᠷᠣᠭᠰᠠᠨ ᠠᠴᠠ | ᠮᠢᠩᠭ᠎ᠠ ᠢᠯᠡᠭᠦᠦ ᠯᠠᠮᠠ ᠶᠢᠨ ᠭᠤᠷᠪᠠᠨ ᠵᠠᠭᠤ ᠢᠯᠡᠭᠦᠦ ᠨᠢ ᠬᠤᠷᠣᠭᠳᠠᠪᠠ᠃ | | | | | | | ᠮᠤᠷᠤᠢ ᠶᠢᠨ ᠰᠦᠮ᠎ᠠ ᠶᠢᠨ ᠬᠠᠷ᠎ᠠ ᠤᠪᠤᠭ᠎ᠠ | ᠬᠠᠭᠤᠷᠮᠠᠭ ᠮᠠᠨᠵᠦ ᠪᠠᠶᠢᠭᠤᠯᠣᠭᠳᠠᠭᠰᠠᠨ ᠤ ᠲᠠᠷᠠᠭ᠎ᠠ᠂ ᠴᠠᠭ ᠪᠠᠭ᠋ᠠᠨ ᠲᠦᠪᠰᠢᠨ ᠪᠣᠯᠤᠬᠰᠡᠨ ᠠᠴᠠ | ᠲᠣᠳᠠᠭᠠᠭᠰᠠᠨ ᠯᠠᠮᠠ ᠬᠤᠸᠠᠷᠠᠭ ᠨᠢ ᠰᠦᠮ᠎ᠡ ᠳᠤ ᠪᠠᠨ ᠡᠭᠡᠵᠦ᠂ ᠬᠡᠶᠢᠳ ᠪᠣᠷᠬᠠᠳ ᠢᠶᠠᠨ ᠵᠠᠰᠠᠨ ᠰᠡᠯᠪᠢᠨ | ᠰᠦᠮ᠎ᠡ ᠶᠢᠨ ᠬᠤᠷᠠᠯ ᠢᠶᠠᠨ ᠰᠡᠷᠭᠦᠭᠡᠪᠡ᠃ | 1936 ᠣᠨ ᠳᠤ ᠶᠠᠫᠣᠨ ᠤ ᠵᠡᠭᠦᠨ ᠡᠮᠦᠨᠡᠲᠦ ᠠᠽᠢᠶ᠎ᠠ ᠶᠢᠨ ᠳᠡᠯᠭᠡᠨ ᠦᠵᠡᠭᠦᠯᠭᠦ ᠬᠤᠷᠠᠯ ᠳᠤ᠂ | ᠠᠸᠠᠩᠳᠦᠪᠳᠡᠨ ᠭᠡᠭᠡᠨ ᠶᠠᠫᠣᠨ ᠤ ᠰᠢ ᠪᠧᠨ ᠶᠣᠸᠠᠨ ᠬᠡᠶᠢᠳ ᠤᠨ ᠲᠡᠳ᠋ ᠡᠷᠬᠢᠯᠡᠭᠴᠢ ᠳ᠋ᠦ᠋ᠸᠧ ᠲᠢᠶᠠᠨ ︵ᠭᠡᠭᠡᠨ ᠲᠠᠢ | ᠯᠾᠠᠰᠠ ᠶᠢᠨ ᠰᠠᠯᠠ ᠬᠡᠶᠢᠳ ᠤᠨ ᠬᠠᠮᠳᠦ ᠰᠣᠷᠣᠯᠭᠠᠳᠠᠨ︶ ᠤ ᠣᠷᠢᠯᠭ᠎ᠠ ᠪᠠᠷ ᠠᠷᠪᠠᠨ ᠬᠤᠶᠠᠷ ᠬᠦᠮᠦᠨ ᠢ | ᠳᠠᠭᠠᠭᠤᠯᠣᠨ ᠣᠷᠣᠯᠴᠠᠭᠰᠠᠨ ᠪᠦᠭᠡᠳ ᠶᠠᠫᠣᠨ ᠤ ᠭᠤᠷᠪᠠᠨ ᠵᠠᠮ ᠤᠨ ᠴᠡᠷᠢᠭ ᠤᠨ ᠰᠣᠷᠢᠯᠳᠠ ᠶᠢ ᠴᠦ ᠦᠵᠡᠭᠰᠡᠨ | ᠪᠠᠶᠢᠨ᠎ᠠ᠃ | 1942 ᠤᠨ ᠳᠤ ᠠᠸᠠᠩᠳᠦᠪᠳᠡᠨ ᠭᠡᠭᠡᠨ ᠣᠶᠢᠮᠠᠨ ᠡᠪᠡᠳᠴᠢᠨ ᠳᠤ ᠨᠡᠷᠪᠡᠭᠳᠡᠭᠡᠳ᠂ ᠲᠡᠮᠡᠢ ᠵᠠᠰᠠᠭᠰᠠᠨ | ᠦᠭᠡᠢ ᠲᠦᠩᠯᠢᠶᠣᠣ ᠶᠢᠨ ᠭᠡᠭᠡᠨ ᠰᠠᠩ ᠳᠤ ᠪᠠᠨ ᠯᠠ ᠰᠠᠷ᠎ᠠ ᠶᠢᠨ ᠠᠷᠪᠠᠨ ᠳᠦᠷᠪᠡᠨ ᠳᠤ ᠲᠠᠪᠢᠨ ᠲᠠᠪᠣᠳᠠᠢ ᠲᠠᠭᠠᠯᠠᠯ | ᠲᠡᠭᠦᠰᠪᠡ᠃ ᠡᠭᠦᠨ ᠳᠤ ᠨᠠᠢᠮᠠᠨ ᠡᠳᠦᠷ ᠤᠨ ᠪᠡᠯᠪᠡᠰᠦᠷᠠᠯ ᠬᠢᠵᠦ᠂ ᠦᠭᠡᠷ᠂ ᠬᠤᠨᠢ᠂ ᠭᠠᠭ᠋ᠠᠢ᠂ ᠲᠠᠬᠢᠶ᠎ᠠ ᠠᠯᠠᠵᠣ᠂ | ᠲᠠᠯᠠᠨ ᠲᠣᠭᠤᠭ᠎ᠠ ᠲᠣᠯᠵᠣ᠂ ᠶᠡᠭᠡ ᠪᠣᠶᠠᠨ ᠦᠢᠯᠡᠳᠪᠡ᠃ ᠴᠢᠨᠳᠠᠷ ᠢ ᠨᠢ ᠬᠦᠷᠭᠡᠭᠦ ᠳᠤ ᠨᠡᠷ᠎ᠡ ᠰᠦᠷᠳᠡᠢ ᠸᠠᠩ ᠭᠦᠩ | ᠂ ᠭᠡᠭᠡᠨ ᠬᠤᠪᠢᠯᠭᠠᠨ ᠮᠦᠷᠭᠦᠯᠴᠢᠳ ᠳᠦᠷᠪᠡᠨ ᠵᠦᠭ ᠨᠠᠢᠮᠠᠨ ᠵᠣᠪᠬᠢᠰ ᠠᠴᠠ ᠬᠤᠷᠠᠨ ᠢᠷᠡᠭᠰᠡᠨ ᠪᠦᠭᠡᠳ | ᠪᠠᠳᠮᠠᠷᠠᠪᠳᠠᠨ᠂ ᠬᠠᠹᠣᠩᠭ᠎ᠠ᠂ ᠪᠣᠶᠠᠨᠮᠠᠨᠳᠣᠬᠤ᠂ ᠨᠠᠴᠢᠨᠱᠣᠩᠬᠤᠷ᠂ ᠭᠠᠨᠵᠤᠤᠷᠵᠠᠪ᠂ ᠠᠰᠬᠠᠨ ᠵᠡᠷᠭᠡ ᠡᠯ᠎ᠡ ᠬᠤᠰᠢᠭᠤ | ᠰᠢᠶᠠᠨ ᠤ ᠨᠣᠶᠠᠳ ᠬᠦᠷᠣᠯᠴᠡᠨ ᠢᠷᠡᠵᠦ ᠣᠷᠣᠯᠴᠠᠪᠠ᠃ ᠴᠢᠨᠳᠠᠷ ᠢ ᠨᠢ ᠳᠦᠴᠢᠨ ᠬᠦᠮᠦᠨ ᠤ ᠰᠢᠷ᠎ᠠ ᠲᠣᠷᠭᠠᠨ | ᠣᠭᠤᠰᠣᠷ ᠲᠠᠢ ᠲᠠᠮᠨᠠᠭᠤᠷ ᠢᠶᠠᠷ ᠲᠠᠮᠨᠠᠨ᠂ ᠲᠦᠩᠯᠢᠶᠣᠣ ᠶᠢᠨ ᠵᠡᠭᠡᠯᠢ ᠶᠢ ᠨᠢᠭᠡ ᠡᠷᠭᠢᠨ ᠵᠢᠷᠠᠨ ᠭᠠᠵᠠᠷ ᠵᠠᠶᠢᠳᠠᠢ | ᠰᠦᠮ᠎ᠡ ᠳᠤ ᠨᠢ ᠬᠦᠷᠬᠦ ᠳᠤ ᠪᠦᠬᠦ ᠰᠦᠮ᠎ᠡ ᠶᠢᠨ ᠯᠠᠮᠠ᠂ ᠬᠤᠸᠠᠷᠠᠭ ᠨᠠᠷ ᠮᠠᠯᠠᠭᠠᠢ ᠪᠠᠨ ᠠᠪᠴᠦ᠂ ᠡᠩᠭᠡᠷ ᠤᠨ | ᠲᠣᠪᠴᠢ ᠪᠠᠨ ᠲᠠᠶᠢᠯᠵᠣ᠂ ᠬᠦᠰᠡᠷ ᠰᠦᠭᠦᠳᠦᠨ ᠬᠦᠵᠢ ᠵᠣᠯᠠ ᠡᠷᠭᠦᠨ ᠮᠦᠷᠭᠦᠨ ᠣᠭᠳᠣᠪᠠ᠃ ᠰᠦᠮ᠎ᠡ ᠳᠤ | ᠴᠢᠨᠳᠠᠷ ᠢ ᠨᠢ ᠲᠣᠯᠣᠭᠠᠨ ᠬᠤᠨᠤᠭ ᠲᠠᠯᠪᠢᠨ ᠡᠯ᠎ᠡ ᠷᠠᠰᠠᠩ ᠭᠠᠨᠵᠤᠤᠷ᠂ ᠲᠠᠨᠵᠣᠷ ᠳ᠋ᠠᠨᠵᠤᠤᠷ ᠣᠩᠰᠢᠨ᠂ ᠦᠭᠡᠷ | ᠬᠤᠨᠢ ᠲᠠᠷᠣᠨ ᠶᠡᠭᠡ ᠪᠣᠶᠠᠨ ᠬᠢᠪᠡ᠃ ᠱᠠᠷᠢᠯ ᠢ ᠨᠢ ᠴᠣᠭᠴᠢᠨ ᠲᠤᠭᠠᠩ ᠤᠨ ᠬᠤᠶᠠᠳᠣᠭᠠᠷ ᠠᠰᠠᠷ ᠲᠠᠬᠢ ᠰᠣᠪᠣᠳ | ᠲᠠᠨ᠎ᠠ ᠵᠢᠨ ᠰᠢᠬᠢᠳᠭᠡᠷᠢ ᠲᠠᠢ ᠰᠣᠪᠣᠷᠭᠠᠨ ᠳᠤ ᠲᠠᠭᠢᠪᠠ᠃ | ᠮᠤᠷᠤᠢ ᠶᠢᠨ ᠰᠦᠮ᠎ᠠ ᠶᠢᠨ ᠪᠠᠭᠤᠷᠡᠯ | 1945 ᠣᠨ ᠤ ᠵᠢᠷᠭᠤᠭᠠᠨ ᠰᠠᠷ᠎ᠠ ᠶᠢᠨ ᠰᠢᠨ᠎ᠡ ᠶᠢᠨ ᠳᠣᠯᠤᠭᠠᠨ ᠤ ᠴᠦᠢᠵᠢᠩ ᠨᠢ ᠵᠣᠷᠰᠢᠯ ᠢᠶᠠᠷ ᠵᠡᠭᠦᠨ | ᠰᠦᠮ᠎ᠡ ᠳᠤ ᠪᠠᠨ ᠪᠠᠭᠤᠭᠰᠠᠨ ᠶᠤᠮ ︵ᠬᠠᠮᠤᠭ ᠡᠴᠦᠰ ᠤᠨ︶᠃ ᠣᠯᠠᠨ ᠯᠠᠮᠠ ᠬᠤᠸᠠᠷᠠᠭ ᠪᠦᠷᠢᠶ᠎ᠡ ᠪᠢᠰᠭᠢᠭᠦᠷ | ᠬᠡᠩᠭᠡᠷᠭᠡ ᠴᠠᠩ ᠢᠶᠠᠨ ᠴᠣᠬᠢᠨ ᠬᠦᠭ ᠨᠡᠶᠢᠯᠡᠭᠦᠯᠦᠨ᠂ ᠭᠠᠩᠰᠠ ᠣᠩᠰᠢᠬᠤ ᠳᠤ ᠴᠦᠢᠵᠢᠩ ᠬᠦᠷᠳᠡᠭᠡᠳ ᠮᠠᠰᠢ | ᠬᠠᠶᠢᠯᠣᠨ᠂ ᠪᠠᠷᠠᠭᠤᠨ ᠬᠠᠨ᠎ᠠ ᠲᠦᠰᠢᠨ ᠰᠠᠭᠤᠭᠰᠠᠨ ᠪᠠᠭᠰᠢ ᠶᠢᠨ ᠭᠡᠭᠡᠨ ᠢ ᠪᠠᠷᠠᠭᠠᠳᠠᠨ᠂ ᠬᠤᠶᠠᠭ | ᠲᠣᠭᠤᠯᠠᠭ᠎ᠠ ᠲᠠᠢ ᠪᠠᠷ ᠢᠶᠠᠨ ᠨᠣᠮᠣ ᠰᠣᠮᠣ ᠪᠠᠨ ᠠᠪᠴᠦ᠂ ᠰᠦᠮ᠎ᠡ ᠶᠢᠨ ᠭᠠᠳᠠᠨ᠎ᠠ ᠭᠠᠷᠴᠦ ᠰᠣᠮᠣ ᠪᠠᠨ | ᠬᠠᠷᠪᠣᠭᠰᠠᠨ ᠳᠤ ᠰᠦᠮ᠎ᠡ ᠶᠢᠨ ᠵᠡᠭᠦᠨ ᠡᠮᠦᠨᠡᠬᠢ ᠬᠦᠭᠰᠢᠨ ᠬᠠᠶᠢᠯᠠᠰᠣᠨ ᠤ ᠣᠭ ᠲᠤ ᠵᠡᠭᠦᠨ ᠣᠷᠣᠭᠤ ᠬᠠᠨᠳᠣᠨ | ᠰᠢᠭᠠᠪᠠ᠃ ᠡᠨᠡ ᠣᠳᠠᠭ᠎ᠠ ᠶᠢᠨ ᠴᠦᠢᠵᠢᠩ ᠤᠨ ᠠᠶᠢᠯᠠᠳᠣᠭᠰᠠᠨ ᠢ ᠯᠣᠣᠰᠪᠠ ᠣᠯᠠᠨ ᠳᠤ ᠢᠩᠭᠢᠵᠣ ᠮᠡᠳᠡᠭᠦᠯᠪᠠ᠃ | ︽ᠡᠨᠡ ᠡᠳᠣᠷ ᠠᠴᠠ ᠠᠪᠣᠭᠠᠳ ᠲᠠᠷᠬᠠᠨ ᠬᠤᠰᠢᠭᠤᠨ ᠤ ᠰᠦᠮ᠎ᠡ ᠬᠡᠶᠢᠳ᠂ ᠰᠢᠷ᠎ᠠ ᠶᠢᠨ ᠱᠠᠰᠢᠨ ᠲᠠᠰᠣᠷᠠᠵᠣ | ᠬᠤᠷᠠᠯ ᠨᠣᠮ ᠵᠣᠭᠰᠣᠨ᠎ᠠ︾ ᠭᠡᠪᠡ᠃ ᠦᠨᠡᠭᠡᠷᠡᠨ᠂ ᠣᠳᠠᠯ ᠦᠭᠡᠢ ᠵᠢᠯ ᠲᠠᠷᠠᠭᠠᠯᠠᠨ ᠰᠦᠮ᠎ᠡ ᠶᠢᠨ ᠬᠤᠶᠠᠷ | ᠴᠢᠯᠠᠭᠤᠨ ᠴᠢᠭᠠᠨ ᠤ ᠨᠢᠭᠡ ᠨᠢ ᠵᠡᠭᠦᠨ ᠬᠤᠶᠢᠰᠢ ᠵᠦᠭ ᠭᠤᠶᠠᠳᠠᠨ ᠣᠨᠠᠬᠤ ᠳᠤ ᠪᠠᠨ ᠲᠣᠯᠤᠭ᠎ᠠ ᠲᠠᠰᠣᠷᠠᠵᠣ᠂ | ᠨᠦᠭᠦᠭᠡ ᠨᠢ ᠵᠡᠭᠦᠨ ᠡᠮᠣᠨ᠎ᠡ ᠵᠦᠭ ᠭᠤᠶᠠᠳᠠᠨ ᠣᠨᠠᠵᠣ ᠮᠦᠨ ᠲᠣᠯᠤᠭ᠎ᠠ ᠲᠠᠰᠣᠷᠠᠭᠰᠠᠨ ᠬᠠᠴᠢᠨ ᠬᠡᠷᠡᠭ ᠪᠣᠯᠪᠠ᠃ | ᠡᠭᠦᠨ ᠳᠤ ᠬᠦᠮᠦᠰ ᠬᠡᠯᠮᠡᠭᠳᠡᠨ ᠮᠠᠭᠤ ᠢᠷᠸ᠎ᠠ ᠬᠡᠮᠡᠨ ᠰᠡᠵᠢᠭ ᠠᠪᠴᠣ ᠪᠠᠶᠢᠪᠠ᠃ | 1948 ᠣᠨ ᠤ ᠭᠠᠵᠠᠷ ᠰᠢᠷᠣᠢ ᠶᠢᠨ ᠦᠭᠡᠷᠡᠴᠢᠯᠡᠯᠳᠡ ᠬᠢᠭᠡᠳ 1966 ᠣᠨ ᠠᠴᠠ ᠡᠬᠢᠯᠡᠭᠰᠡᠨ | ᠰᠣᠶᠣᠯ ᠤᠨ ᠶᠡᠭᠡ ᠬᠤᠪᠢᠰᠬᠠᠯ ᠤᠨ ᠠᠷᠪᠠᠨ ᠵᠢᠯ ᠤᠨ ᠶᠡᠭᠡ ᠰᠠᠮᠠᠭᠤᠷᠠᠯ ᠲᠣᠮᠳᠠ᠂ ᠮᠠᠨ ᠤ ᠣᠯᠣᠰ ᠤᠨ ᠵᠡᠭᠦᠨ | ᠬᠤᠶᠢᠳᠣ ᠣᠷᠣᠨ ᠤ ᠬᠠᠮᠤᠭ ᠶᠡᠭᠡ ᠰᠦᠮ᠎ᠡ ᠬᠡᠶᠢᠳ ᠬᠡᠮᠡᠨ ᠠᠯᠳᠠᠷᠰᠢᠭᠰᠠᠨ᠂ ᠬᠤᠷᠴᠢᠨ ᠨᠣᠳᠤᠭ ᠲᠤ 160 | ᠭᠠᠷᠤᠢ ᠵᠢᠯ ᠭᠡᠷᠡᠯ ᠭᠢᠯᠪᠠᠭ᠎ᠠ ᠪᠠᠨ ᠰᠠᠴᠣᠷᠠᠭᠤᠯᠣᠭᠰᠠᠨ ᠡᠷᠬᠢᠮᠰᠥᠭ ᠰᠦᠷᠯᠢᠭ ᠪᠠᠶᠠᠨ ᠮᠣᠷᠣᠢ ᠶᠢᠨ ᠰᠦᠮ᠎ᠡ ᠮᠢᠨᠢ | ᠰᠦᠢᠳᠬᠡᠭᠲᠡᠨ ᠡᠪᠲᠡᠭᠲᠡᠪᠡ᠃ | ᠠᠶ᠎ᠠ᠂ ᠶᠠᠭᠤᠳᠠᠢ ᠬᠠᠷᠠᠮᠰᠠᠯᠳᠠᠢ︕ ᠶᠠᠭᠤᠳᠠᠢ ᠡᠮᠭᠡᠨᠢᠯᠳᠡᠢ ᠠᠵᠢ︕ | ᠮᠤᠷᠤᠢ ᠶᠢᠨ ᠰᠦᠮ᠎ᠠ ᠶᠢ ᠰᠡᠷᠬᠦᠬᠡᠨ ᠪᠠᠷᠢᠵᠤ ᠪᠠᠶᠢᠭ᠎ᠠ ᠪᠠᠶᠢᠲᠡᠯ | 2011 ᠤᠨ ᠤ ᠵᠤᠨ᠂ ᠪᠢᠳᠡ ᠮᠤᠷᠤᠢ ᠶᠢᠨ ᠰᠦᠮ᠎ᠡ ᠶᠢ ᠰᠢᠨᠡᠳᠭᠡᠨ ᠪᠠᠷᠢᠵᠤ ᠪᠠᠶᠢᠭ᠎ᠠ ᠴᠢᠮᠡᠭᠡ ᠪᠠᠷ | ᠲᠦᠩᠯᠢᠶᠤᠤ ᠬᠤᠳᠠ ᠶᠢᠨ ᠬᠤᠷᠴᠢᠨ ᠲᠤᠭᠤᠷᠢᠭ ᠤᠨ ᠮᠤᠷᠤᠢ ᠶᠢᠨ ᠰᠦᠮ᠎ᠡ ᠰᠤᠮᠤ ᠶᠢᠨ ᠮᠤᠷᠤᠢ ᠶᠢᠨ ᠰᠦᠮ᠎ᠡ | ᠭᠠᠴᠠᠭ᠎ᠠ ᠳᠤ ᠬᠦᠷᠦᠭᠰᠡᠨ ᠶᠤᠮ᠃ | ᠮᠤᠷᠤᠢ ᠶᠢᠨ ᠰᠦᠮ᠎ᠡ ᠶᠢᠨ ᠬᠠᠭᠤᠴᠢᠨ ᠪᠠᠭᠤᠷᠢ ᠶᠢᠨ ᠭᠠᠵᠠᠷ ᠵᠦᠢ ᠶᠢᠨ ᠪᠠᠶᠢᠷᠢᠰᠢᠯ ᠨᠢ᠄ ᠵᠡᠬᠦᠨ | ᠤᠷᠳᠤᠷᠢᠭ ᠤᠨ 121 ᠭᠷᠡᠲᠦ᠋ᠰ᠂ ᠤᠮᠠᠷᠠᠳᠤ ᠦᠷᠭᠡᠷᠢᠭ ᠤᠨ 43 ᠭᠷᠡᠲᠦ᠋ᠰ ᠪᠤᠯᠤᠨ᠎ᠠ᠃ ᠤᠳᠤᠬᠠᠨ ᠳᠤ | ᠰᠦᠮ᠎ᠡ ᠶᠢᠨ ᠪᠠᠭᠤᠷᠢ ᠲᠡᠭᠡᠷ᠎ᠡ ᠰᠢᠷ᠎ᠡ ᠰᠢᠷ ᠢᠶᠠᠷ ᠦᠩᠭᠡᠯᠡᠭᠰᠡᠨ ᠵᠢᠵᠢᠭ ᠠᠰᠠᠷ ᠪᠠᠷᠢᠭᠰᠠᠨ ᠪᠦᠭᠡᠳ ᠠᠰᠠᠷ ᠤᠨ | ᠬᠦᠷᠢᠶᠡᠨ ᠲᠤᠳᠤᠷ᠎ᠠ ᠨᠢ ᠰᠦᠮ᠎ᠡ ᠶᠢᠨ ᠬᠠᠭᠠᠷᠬᠠᠢ ᠲᠤᠭᠤᠰᠬ᠎ᠠ᠂ ᠬᠡᠯᠳᠦᠷᠭᠡᠢ ᠸᠠᠭᠠᠷ᠂ ᠰᠦᠮ᠎ᠡ ᠶᠢᠨ ᠰᠠᠭᠤᠷᠢ ᠶᠢᠨ | ᠴᠢᠯᠠᠭᠤ ᠵᠡᠷᠭᠡ ᠨᠢ ᠬᠠᠷᠠᠭᠳᠠᠵᠤ ᠪᠠᠶᠢᠨ᠎ᠠ᠃ ᠪᠠᠰᠠ ᠯᠠᠮᠠ ᠨᠠᠷ ᠤᠨ ᠤᠰᠤ ᠢᠳᠡᠵᠦ ᠪᠠᠶᠢᠭᠰᠠᠨ ᠵᠢᠷᠭᠤᠭᠠᠨ ᠲᠠᠯᠠᠳᠤ | ᠬᠤᠳᠳᠤᠭ ᠪᠠ ᠰᠦᠮ᠎ᠡ ᠶᠢᠨ ᠰᠠᠩ ᠳᠤ ᠭᠡᠷᠡᠭᠯᠡᠵᠦ ᠪᠠᠶᠢᠬᠰᠠᠨ ᠤᠭᠤᠷ ᠵᠡᠷᠭᠡ ᠶᠢ ᠤᠯᠵᠤ ᠬᠠᠷᠡᠪᠡ᠃ | ᠰᠢᠨ᠎ᠡ ᠪᠠᠷ ᠪᠠᠶᠢᠭᠤᠯᠵᠤ ᠪᠠᠶᠢᠭ᠎ᠠ ᠮᠤᠷᠤᠢ ᠶᠢᠨ ᠰᠦᠮ᠎ᠡ ᠶᠢᠨ ᠤᠳᠤ ᠶᠢᠨ ᠡᠷᠭᠢᠯᠡᠭᠴᠢ ᠯᠠᠮᠠ ᠾᠧ | ᠨᠠᠰᠤᠬᠤᠷᠳᠤ ᠶᠢᠨ ᠲᠠᠨᠢᠯᠴᠠᠭᠤᠯᠤᠭᠰᠠᠨ ᠢᠶᠠᠷ᠄ 2007 ᠤᠨ ᠳᠤ ᠮᠤᠷᠤᠢ ᠶᠢᠨ ᠰᠦᠮ᠎ᠡ ᠶᠢ ᠰᠡᠷᠭᠦᠭᠡᠨ ᠪᠠᠶᠢᠭᠤᠯᠬᠤ | ᠢᠨᠵᠧᠨᠧᠷᠢᠩ ᠤᠨ ᠰᠠᠭᠤᠷᠢ ᠲᠠᠯᠪᠢᠬᠤ ᠶᠤᠰᠤᠯᠠᠯ ᠶᠠᠪᠤᠭᠳᠠᠪᠠ᠃ ᠪᠤᠤ ᠲᠢᠶᠠᠨ ᠬᠦ ᠬᠡᠬᠡᠨ ᠪᠤᠯᠤᠨ ᠠᠯᠳᠠᠷᠳᠤ ᠮᠤᠷᠢᠨ | ᠬᠤᠭᠤᠷᠴᠢᠨ ᠴᠢ᠊ · ᠪᠤᠯᠠᠭ ᠲᠠᠢ ᠬᠤᠶᠠᠭᠤᠯᠠ ᠮᠤᠷᠤᠢ ᠶᠢᠨ ᠰᠦᠮ᠎ᠡ ᠶᠢ ᠤᠤᠯ ᠤᠨ ᠪᠠᠭᠤᠷᠢ ᠶᠢᠨ ᠵᠡᠬᠦᠨ ᠬᠤᠶᠢᠳᠤ | ᠲᠠᠯ᠎ᠠ ᠳᠤ 3 ᠭᠠᠵᠠᠷ ᠤᠨ ᠵᠠᠢ ᠳᠤ ᠰᠡᠷᠭᠦᠭᠡᠨ ᠪᠠᠶᠢᠭᠤᠯᠬᠤ ᠪᠠᠷᠢᠯᠭ᠎ᠠ ᠡᠬᠢᠯᠡᠬᠦᠯᠦᠭᠰᠡᠨ ᠪᠠᠶᠢᠨ᠎ᠠ᠃ ᠪᠠᠷᠢᠯᠭ᠎ᠠ ᠶᠢᠨ | ᠬᠠᠭᠠᠰ ᠬᠤᠭᠤᠴᠠᠭ᠎ᠠ ᠬᠦᠷᠦᠭᠡᠳ ᠵᠤᠤ ᠪᠦᠸᠧ ᠬᠡᠮᠡᠭᠴᠢ ᠪᠠᠷᠢᠯᠭ᠎ᠠ ᠶᠢᠨ ᠠᠵᠢᠯ ᠢ ᠲᠠᠭᠠᠭᠠᠴᠢᠯᠠᠨ ᠭᠦᠢᠴᠡᠳᠭᠡᠵᠦ | ᠤᠳᠤ ᠶᠢᠨ ᠪᠠᠶᠢᠳᠠᠯ ᠳᠤ ᠬᠦᠷᠦᠭᠰᠡᠨ ᠪᠠᠶᠢᠨ᠎ᠠ᠃ ᠰᠢᠨ᠎ᠡ ᠪᠠᠷ ᠪᠠᠶᠢᠭᠤᠯᠵᠤ ᠪᠠᠶᠢᠭ᠎ᠠ ᠮᠤᠷᠤᠢ ᠶᠢᠨ ᠰᠦᠮ᠎ᠡ ᠶᠢᠨ | ᠭᠠᠵᠠᠷ ᠵᠦᠢ ᠶᠢᠨ ᠪᠠᠶᠢᠷᠢᠰᠢᠯ ᠨᠢ 121 ᠭᠷᠡᠲᠦ᠋ᠰ᠂ ᠤᠮᠠᠷᠠᠳᠤ ᠦᠷᠭᠡᠷᠢᠭ ᠤᠨ 43 ᠭᠷᠡᠲᠦ᠋ᠰ ᠪᠤᠯᠤᠨ᠎ᠠ᠃ ᠭᠤᠤᠯ | ᠴᠤᠬᠴᠢᠨ ᠲᠤᠭᠠᠩ ᠢ ᠨᠢᠬᠡᠨᠲᠡ ᠪᠠᠷᠢᠵᠤ ᠪᠦᠲᠦᠬᠡᠬᠡᠳ ᠭᠤᠤᠯ ᠡᠬᠦᠲᠡᠨ ᠳᠤ ᠨᠢ ︽ᠡᠩᠬᠡᠵᠢᠬᠦᠯᠤᠨ ᠬᠤᠷᠢᠶᠠᠬᠴᠢ | ᠰᠦᠮ᠎ᠠ︾ ᠬᠡᠰᠡᠨ ᠢᠯᠡᠷᠬᠡᠶᠢᠯᠡᠯ ᠫᠠᠶᠢᠰᠠ ᠡᠯᠬᠦᠵᠡᠢ᠃ ᠪᠠᠰᠠ ᠯᠠᠮᠠ ᠨᠠᠷ ᠤᠨ ᠪᠠᠶᠢᠷᠢ ᠶᠢᠨ ᠠᠰᠠᠷ ᠢ ᠪᠠᠷᠢᠵᠤ | ᠲᠡᠭᠤᠰᠬᠠᠬᠰᠡᠨ ᠪᠦᠬᠡᠳ ᠰᠦᠮ᠎ᠠ ᠶᠢᠨ ᠭᠠᠲᠠᠭᠤᠷ ᠬᠤᠲᠡ ᠶᠢᠨ ᠬᠡᠷᠡᠮ ᠪᠡ ᠬᠠᠭᠠᠯᠭ᠎ᠠ ᠰᠢᠬ ᠬᠦᠷᠢᠶ᠎ᠠ ᠬᠠᠭᠠᠯᠭ᠎ᠠ | ᠪᠠᠷᠢᠭᠰᠠᠨ ᠪᠠᠶᠢᠨ᠎ᠠ᠃ ᠴᠠᠭᠠᠨ ᠤᠪᠤᠭ᠎ᠠ ᠶᠢ ᠤᠤᠯ ᠤᠨ ᠤᠷᠤᠨ ᠳᠤ ᠨᠢ ᠰᠡᠷᠬᠦᠬᠡᠨ ᠪᠠᠶᠢᠭᠤᠯᠤᠬᠰᠡᠨ ᠪᠦᠬᠡᠳ | ᠴᠠᠭᠠᠨ ᠤᠪᠤᠭ᠎ᠠ ᠶᠢᠨ ᠠᠷᠦ ᠪᠠᠷ ᠰᠢᠨ᠎ᠠ ᠪᠠᠷ ᠲᠦᠷᠬᠡᠨ ᠰᠦᠮ᠎ᠠ ᠶᠢ ᠪᠠᠶᠢᠭᠤᠯᠪᠡ᠃ 2010 ᠤᠨ ᠤ ᠲᠤᠯᠤᠭᠠᠨ | ᠰᠠᠷ᠎ᠠ ᠳᠤ ᠮᠤᠷᠤᠢ ᠶᠢᠨ ᠰᠦᠮ᠎ᠠ ᠶᠢᠨ ᠬᠤᠶᠠᠲᠦᠭᠠᠷ ᠦᠶ᠎ᠠ ᠶᠢᠨ ᠬᠡᠬᠡᠨ ᠬᠠᠨ ᠵᠢᠦ ᠯᠦᠩ ᠰᠦᠮ᠎ᠠ ᠶᠢᠨ ᠬᠠᠷ᠎ᠠ | ᠤᠪᠤᠭ᠎ᠠ ᠶᠢᠨ ᠤᠤᠯ ᠤᠨ ᠪᠠᠭᠤᠷᠢ ᠶᠢᠨ ᠬᠢᠨᠢ ᠵᠡᠬᠦᠨ ᠬᠤᠶᠢᠲᠦ ᠲᠠᠯ᠎ᠠ ᠳᠤ ᠨᠢ ᠬᠠᠷ᠎ᠠ ᠤᠪᠤᠭ᠎ᠠ ᠶᠢ ᠰᠡᠷᠬᠦᠬᠡᠨ | ᠪᠠᠷᠢᠬᠰᠡᠨ ᠪᠠᠶᠢᠨ᠎ᠠ᠃ | ᠪᠠᠶᠠᠯᠢᠬ ᠰᠠᠶᠢᠬᠠᠨ ᠦᠨᠲᠦᠰᠤᠲᠡᠨ ᠤ ᠰᠤᠶᠤᠯ ᠪᠠ ᠱᠠᠰᠢᠨ ᠰᠤᠷᠲᠠᠬᠤᠨ ᠤ ᠦᠪᠡᠷᠮᠢᠴᠠ | ᠤᠨᠴᠠᠯᠢᠬ ᠢᠶᠠᠷ ᠢᠶᠠᠨ ᠤᠯᠠᠨ ᠲᠦᠮᠡᠨ ᠤ ᠪᠠᠨ ᠰᠦᠰᠥᠭ ᠪᠢᠰᠢᠷᠡᠯ᠂ ᠤᠶᠤᠨ ᠤᠬᠠᠭᠠᠨ ᠢ ᠲᠡᠵᠢᠬᠡᠵᠤ᠂ ᠲᠡᠤᠬᠡ | ᠰᠤᠶᠤᠯ ᠤᠨ ᠠᠯᠲᠡᠨᠠ ᠬᠠᠭᠤᠲᠡᠰᠤᠨᠠ ᠬᠢᠯᠠᠷᠡᠬᠰᠡᠨ ᠮᠤᠷᠤᠢ ᠶᠢᠨ ᠰᠦᠮ᠎ᠠ ᠮᠠᠨᠢ ᠪᠦᠷᠢᠨ ᠲᠡᠬᠦᠯᠲᠡᠷ | ᠪᠠᠶᠢᠭᠤᠯᠤᠬᠲᠡᠵᠤ᠂ ᠤᠲᠦᠬᠢ ᠨᠡᠶᠢᠬᠡᠮ ᠤᠨ ᠬᠦᠭᠵᠢᠯᠲᠡ ᠶᠢᠨ ᠲᠦᠷᠬᠡᠨ ᠤᠷᠤᠰᠬᠠᠯ ᠳᠤ ᠬᠦᠮᠤᠨ ᠰᠤᠶᠤᠯ ᠤᠨ | ᠦᠵᠡᠮᠤᠷᠢ ᠪᠤᠯᠵᠤ᠂ ᠬᠦᠵᠢ ᠶᠢᠨ ᠭᠠᠯ ᠤᠨᠲᠡᠷᠡᠯ ᠦᠬᠡᠢ᠂ ᠨᠤᠮ ᠤᠨ ᠲᠡᠭᠤᠨ ᠲᠡᠰᠤᠷᠡᠯ ᠦᠬᠡᠢ ᠤᠤᠯ ᠤᠨ ᠭᠠᠯᠪᠢᠷ | ᠵᠢᠪᠬᠤᠭ᠎ᠠ ᠪᠠᠨ ᠪᠠᠲᠡᠷᠡᠭᠤᠯᠬᠤ ᠢᠷᠡᠬᠡᠲᠦᠢ ᠲᠠᠢ ᠪᠠᠶᠢᠬᠤ ᠶᠢ ᠨᠢ ᠪᠢᠲᠡ ᠪᠠᠲᠦ ᠢᠲᠡᠬᠡᠵᠤ ᠪᠠᠶᠢᠨ᠎ᠠ᠃ | ︵ᠬᠡᠷᠡᠯ ᠵᠢᠷᠤᠭ ᠢ ᠾᠧ ᠬᠧᠨ ᠴᠢᠤᠸᠠᠨ ᠬᠠᠨᠭ᠍ᠭᠠᠪᠠ︶ | | |