ᠨᠠᠮᠤᠷ ᠢ ᠳᠠᠭᠤᠳᠠᠬᠤᠢ
ᠨᠡᠶᠢᠲᠡᠯᠡᠭᠰᠡᠨ ᠴᠠᠭ᠄
2020/9/10
ᠨᠠᠮᠤᠷ ᠢ ᠳᠠᠭᠤᠳᠠᠬᠤᠢ             ᠵᠣᠬᠢᠶᠠᠭᠴᠢ᠄ ᠴ᠊ · ᠮᠦᠩᠭᠦᠠᠡᠷᠳᠡᠨᠢᠨᠠᠮᠤᠷ ᠡ ᠁ ᠬᠡᠵᠦᠦᠨᠦᠴᠢᠨ ᠰᠢᠪᠠᠭᠤᠨ ᠨᠠᠲᠠ ᠶᠢ ᠡᠷᠬᠢᠴᠡᠨ ᠳᠠᠭᠤᠳᠠᠨ᠎ᠠᠨᠠᠭᠤᠷ ᠪᠢᠲᠠ ᠬᠤᠶᠠᠷ ᠮᠠᠯᠳᠠᠰᠬᠢᠨᠰᠢᠪᠠᠭᠤᠨ ᠤ ᠨᠢᠳᠤᠨ ᠠᠴᠠ ᠬᠡᠯᠳᠡᠷᠡᠨ᠎ᠡᠰᠢᠩᠬᠤᠨ ᠭᠡᠷᠡᠯ ᠳᠤ ᠰᠢᠩᠭᠡᠭᠰᠡᠨ ᠦᠳᠡᠰᠢ ᠶᠢᠨ ᠨᠠᠷᠠᠨᠨᠢᠰᠤᠨ ᠳᠠᠭᠤᠳᠠᠬᠤ ᠨᠢᠨᠠᠭᠤᠷ ᠪᠢᠲᠠᠲᠦᠷᠪᠡᠬᠦᠯᠡ ᠰᠢᠤᠬᠡᠵᠦ᠂ᠬᠠᠮᠲᠦ ᠶᠢ ᠳᠠᠭᠤᠳᠠᠨ᠎ᠠ ᠁ᠨᠠᠮᠤᠷ ᠡ ᠁ ᠬᠡᠵᠦᠨᠢᠬᠡᠨ ᠨᠠᠪᠴᠢᠨ ᠨᠢᠯᠪᠤᠰᠦ ᠪᠤᠯᠵᠦ ᠳᠠᠭᠤᠳᠠᠨ᠎ᠠᠨᠢᠮᠬᠡᠬᠡᠨ ᠨᠠᠪᠴᠢ ᠶᠢ ᠪᠢ ᠡᠷᠬᠦᠵᠦ ᠳᠠᠭᠠᠭᠠᠬᠤ ᠦᠭᠡᠢ ᠳᠡᠩᠳᠡᠬᠦᠷᠡᠨ᠎ᠡᠨᠠᠲᠠ ᠠᠴᠠ ᠡᠨᠡ ᠨᠠᠪᠴᠢ ᠨᠠᠷᠠᠨ ᠤ ᠠᠯᠳᠠᠨ ᠰᠤᠷᠮᠤᠤᠰᠤ ᠪᠤᠯᠵᠦ ᠡᠩᠭᠡᠷ ᠳᠡᠭᠡᠷ᠎ᠡ ᠠᠴᠠ ᠨᠢᠰᠦᠨ᠎ᠠ ᠨᠠᠲᠠ ᠠᠴᠠ ᠰᠠᠴᠤᠷᠠᠭᠰᠠᠨ ᠭᠡᠷᠡᠯ ᠢᠶᠠᠷ ᠨᠠᠮᠤᠷ ᠢ ᠲᠡᠷᠡᠢᠨᠢᠶᠡᠲᠦ ᠪᠤᠯᠵᠦᠳᠠᠬᠢᠨ ᠳᠠᠭᠤᠳᠠᠨ᠎ᠠᠨᠠᠮᠤᠷ ᠡ ᠁ ᠬᠡᠵᠦᠠᠶᠢᠯ ᠤᠨ ᠪᠠᠷ᠎ᠠ ᠡᠬᠦᠯᠡᠰ ᠰᠢᠭ ᠬᠦᠪᠦᠨ᠎ᠡ ᠠᠶᠢᠷᠠᠭ ᠤᠨ ᠠᠮᠲᠠ ᠪᠠᠷᠳᠠᠭᠤᠯᠠᠨ ᠠᠯᠢᠰᠤᠨ ᠤ ᠦᠨᠦᠷ ᠢᠶᠠᠷᠳᠠᠭᠠᠯᠠᠨᠰᠠᠷᠨ ᠲᠠᠢ ᠴᠤᠭ ᠬᠦᠪᠪᠦᠨ᠎ᠡᠨᠠᠮᠤᠷ᠂ ᠬᠠᠪᠤᠷ ᠪᠤᠯᠵᠦ ᠮᠠᠶᠢᠯᠠᠨᠵᠤᠨ ᠪᠤᠯᠵᠦ ᠮᠦᠬᠡᠷᠡᠨ ᠠᠮᠢ ᠨᠠᠰᠤᠨ ᠳᠤᠮᠳᠠᠭᠤᠷᠢᠨᠠᠭ ᠪᠤᠯᠵᠦ ᠬᠦᠪᠪᠦᠨ᠎ᠡ ᠁ᠨᠠᠮᠤᠷ ᠡ ᠁ ᠬᠡᠵᠦᠨᠠᠶᠢᠭᠤᠵᠦ ᠪᠠᠶᠢᠭᠰᠠᠨ ᠮᠤᠳᠤ ᠮᠤᠷᠢ ᠰᠢᠬ ᠵᠤᠭ ᠳᠤᠰᠤᠨ᠎ᠠᠨᠠᠷᠠᠲᠦ ᠶᠢᠨ ᠬᠤᠷᠤᠮ ᠵᠠᠢ ᠠᠮᠠᠭᠠᠢ ᠳᠠᠳᠠᠨ ᠵᠤᠭᠰᠤᠨ᠎ᠠᠨᠠᠮᠤᠷ ᠤᠨ ᠡᠨᠡ ᠵᠠᠢ ᠵᠢᠷᠦᠬᠡᠨ ᠳᠤᠲᠤᠷ᠎ᠠ ᠮᠢᠨᠢ ᠳᠠᠭᠤ ᠠᠯᠳᠠᠨ ᠵᠤᠭᠰᠤᠨ᠎ᠠ ᠪᠢ ᠬᠠᠶᠢᠯᠠᠵᠦ ᠵᠤᠭᠰᠤᠨ᠎ᠠ ᠨᠠᠶᠢᠷᠲᠠᠢ ᠪᠦᠬᠦᠨ ᠤ ᠮᠢᠨᠢ ᠨᠠᠶᠢᠷ ᠡ ᠭᠡᠬᠦ ᠳᠤ ᠬᠠᠶᠢᠷᠠᠲᠠᠢ ᠪᠦᠬᠦᠨ ᠤ ᠮᠢᠨᠢᠬᠠᠶᠢᠷ᠎ᠠ ᠡ ᠭᠡᠬᠦ ᠳᠤᠨᠠᠮᠤᠷ᠂ ᠨᠠᠲᠠ ᠳᠡᠭᠡᠷ᠎ᠡ ᠲᠡᠯᠭᠡᠷᠡᠭᠰᠡᠭᠡᠷ ᠵᠤᠭᠰᠤᠨ᠎ᠠ ᠁
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号