ᠬᠡᠯᠨ ᠲᠠᠢ ᠪᠤᠯ ᠬᠦᠯ ᠲᠠᠢ
ᠨᠡᠶᠢᠲᠡᠯᠡᠭᠰᠡᠨ ᠴᠠᠭ᠄
2020/5/18
     ᠠᠷᠠᠳ ᠤᠨ ᠠᠮᠠᠨ ᠶᠠᠷᠢᠶᠠᠨ ᠳᠤ ︽ᠬᠡᠯᠡ ᠲᠠᠢ ᠪᠤᠯ ᠬᠦᠯ ᠲᠠᠢ︾ ᠭᠡᠳᠡᠭ ᠰᠠᠶᠢᠬᠠᠨ ᠦᠪᠡᠷᠮᠢᠴᠡ ᠬᠡᠯᠡᠴᠡ ᠪᠠᠶᠢᠳᠠᠭ᠃ ᠮᠤᠩᠭᠤᠯ ᠬᠡᠯᠡ ᠪᠠᠨ ᠦᠷ᠎ᠡ ᠬᠡᠤᠬᠡᠳ ᠲᠡᠭᠡᠨ ᠤᠯᠠᠮᠵᠢᠯᠠᠵᠦ ᠴᠢᠳᠠᠪᠠᠯ ᠰᠠᠶ᠋ᠢ ᠮᠤᠩᠭᠤᠯ ᠦᠨᠳᠦᠰᠦᠳᠡᠨ ᠳᠤ ᠬᠦᠯ ᠵᠠᠯᠭᠠᠬᠤ ᠬᠦᠴᠦᠨ ᠤᠬᠠᠭᠠᠨ ᠦᠯᠡᠳᠡᠭᠡᠵᠦ᠂ ᠬᠦᠳᠡᠯᠦᠭᠡ ᠮᠤᠷᠢ ᠲᠠᠢ ᠬᠦᠮᠦᠨ ᠰᠢᠭ ᠲᠤᠯᠠ ᠶᠠᠪᠤᠬᠤ ᠳᠤ ᠲᠤᠰᠠᠯᠠᠵᠦ ᠴᠢᠳᠠᠬᠤ ᠪᠤᠯᠤᠨ᠎ᠠ᠃ ᠦᠭᠡ ᠬᠡᠯᠡ ᠦᠰᠦᠭ ᠪᠢᠴᠢᠭ ᠢᠶᠠᠨ ᠰᠠᠶᠢᠳᠤᠷ ᠤᠯᠠᠮᠵᠢᠯᠠᠶ᠎ᠠ ᠭᠡᠪᠡᠯ ᠰᠠᠭᠤᠷᠢ ᠰᠤᠷᠭᠠᠨ ᠬᠦᠮᠦᠵᠢᠯ ᠠᠴᠠ ᠭᠠᠷᠳᠠᠨ ᠬᠢᠬᠦ ᠬᠡᠷᠡᠭᠳᠠᠢ᠃ ᠡᠶᠢᠮᠦ ᠠᠴᠠ ᠶᠠᠭᠤᠨ ᠤ ᠤᠷᠢᠳ ᠴᠡᠴᠡᠷᠯᠢᠭ ᠤᠨ ᠵᠢᠭᠠᠨ ᠰᠤᠷᠭᠠᠯᠳᠠ ᠠᠴᠠ ᠡᠬᠢᠯᠡᠨ ᠭᠠᠷᠳᠠᠵᠦ᠂ ᠬᠡᠤᠬᠡᠳ ᠲᠡᠭᠡᠨ ᠡᠬᠡ ᠬᠡᠯᠡᠨ ᠤ ᠰᠤᠳᠤᠨ ᠤᠬᠠᠭᠠᠨ ᠰᠤᠷᠭᠤᠭ ᠮᠡᠳᠡᠷᠡᠮᠵᠢ ᠶᠢ ᠨᠢ ᠤᠯᠭᠤᠵᠦ ᠬᠦᠷᠳᠡᠭᠡᠨ ᠪᠠᠶᠠᠯᠢᠭ ᠰᠠᠶᠢᠬᠠᠨ ᠡᠬᠡ ᠬᠡᠯᠡ ᠪᠠᠨ ᠲᠠᠨᠢᠨ ᠮᠡᠳᠡᠷᠡᠵᠦ ᠠᠪᠬᠤ ᠨᠢ ᠲᠦᠢᠯ ᠤᠨ ᠴᠢᠬᠤᠯᠠ ᠪᠤᠯᠬᠤ ᠶᠤᠮ᠃      ᠮᠠᠨ ᠤ ᠮᠤᠩᠭᠤᠯ ᠦᠨᠳᠦᠰᠦᠳᠡᠨ ᠠᠯᠢ ᠡᠷᠳᠡ ᠠᠴᠠ ᠨᠡᠭᠦᠳᠡᠯ ᠮᠠᠯᠵᠢᠯ ᠤᠨ ᠰᠤᠶᠤᠯ ᠠᠴᠠ ᠪᠠᠨ ᠬᠤᠳᠠ ᠰᠠᠭᠤᠷᠢᠰᠢᠯ ᠤᠨ ᠠᠮᠢᠳᠤᠷᠠᠯ ᠳᠤ ᠰᠢᠯᠵᠢᠭᠰᠡᠨ ᠠᠴᠠ ᠦᠭᠡ ᠬᠡᠯᠡᠨ ᠤ ᠤᠷᠴᠢᠨ ᠠᠬᠤᠢ ᠠᠮᠢᠳᠤᠷᠠᠯ ᠳᠤ ᠯᠤᠳᠦ ᠶᠡᠭᠡ ᠬᠤᠪᠢᠷᠠᠯᠳᠠ ᠭᠠᠷᠤᠭᠰᠠᠨ ᠪᠠᠶᠢᠨ᠎ᠠ᠃ ᠡᠨᠡ ᠶᠡᠭᠡ ᠬᠤᠪᠢᠷᠠᠯᠳᠠ ᠳᠤ ᠮᠠᠨ ᠤ ᠦᠷ᠎ᠡ ᠬᠤᠶᠢᠴᠢᠰ ᠬᠦᠨᠳᠦ ᠨᠤᠴᠢᠳᠠᠢ ᠨᠦᠯᠦᠭᠡᠯᠡᠭᠳᠡᠨ ᠦᠬᠡ ᠬᠡᠯᠡᠨ ᠤ ᠶᠠᠳᠠᠭᠤᠷᠠᠯ ᠬᠠᠶᠢᠯᠤᠯᠳᠠ ᠳᠤ ᠤᠴᠠᠷᠠᠵᠦ᠂ ᠰᠤᠶᠤᠯ ᠤᠨ ᠬᠢᠮᠤᠷᠠᠯ ᠳᠤ ᠲᠤᠯᠭᠠᠷᠠᠭᠰᠠᠨ ᠠᠴᠠ ᠪᠤᠯᠵᠦ᠂ ᠵᠠᠷᠢᠮ ᠬᠡᠤᠬᠡᠳ ᠲᠠᠪᠤᠨ ᠬᠤᠰᠢᠭᠤ ᠮᠠᠯ ᠢᠶᠠᠨ ᠲᠠᠨᠢᠬᠤ ᠦᠭᠡᠢ᠂ ᠮᠤᠩᠭᠤᠯ ᠠᠮᠢᠳᠤᠷᠠᠯ ᠤᠨ ᠡᠳ᠋ᠯᠡᠯ ᠬᠡᠷᠡᠭᠰᠡᠯ ᠢ ᠲᠠᠨᠢᠵᠦ ᠬᠡᠷᠡᠭᠯᠡᠵᠦ ᠴᠢᠳᠠᠬᠤ ᠦᠭᠡᠢ ᠪᠤᠯᠤᠭᠰᠠᠨ ᠪᠠᠶᠢᠨ᠎ᠠ᠃ ᠨᠡᠩ ᠴᠢᠨᠠᠭᠰᠢᠯᠠᠪᠠᠯ ᠮᠤᠩᠭᠤᠯ ᠦᠨᠳᠦᠰᠦᠳᠡᠨ ᠤ ᠵᠠᠩ ᠵᠠᠩᠰᠢᠯ᠂ ᠶᠤᠰᠦ ᠲᠦᠷᠢᠮ ᠢᠶᠠᠨ ᠴᠦ ᠮᠡᠳᠡᠬᠦ ᠦᠭᠡᠢ ᠪᠤᠯᠤᠭᠰᠠᠨ ᠠᠴᠠ ᠦᠨᠳᠦᠰᠦᠳᠡᠨ ᠤ ᠵᠢᠭᠠᠨ ᠰᠤᠷᠭᠠᠯᠳᠠ ᠳᠤ ᠮᠠᠰᠢ ᠶᠡᠭᠡ ᠬᠦᠴᠢᠷᠳᠡᠯᠭᠡ ᠶᠢ ᠠᠪᠴᠢᠷᠠᠵᠦ ᠦᠭᠬᠦᠭᠰᠡᠨ ᠪᠠᠶᠢᠨ᠎ᠠ᠃ ᠵᠢᠱᠢᠶᠡᠯᠡᠪᠡᠯ᠄ ᠨᠢᠭᠡ ᠮᠤᠩᠭᠤᠯ ᠰᠢᠯᠦᠭ ᠵᠢᠭᠠᠬᠤ ᠳᠤ ᠬᠡᠰᠡᠭ ᠦᠭᠡ ᠦᠭᠦᠯᠡᠪᠦᠷᠢ ᠶᠢᠨ ᠵᠢᠩᠬᠢᠨᠢ ᠤᠳᠬ᠎ᠠ ᠨᠢ ᠴᠤᠬᠤᠮ ᠶᠠᠭᠤ ᠪᠤᠯᠬᠤ ᠶᠢ ᠤᠶᠢᠯᠠᠭᠠᠵᠦ ᠲᠡᠶᠢᠯᠬᠦ ᠦᠭᠡᠢ ᠬᠦᠴᠢᠷᠳᠡᠬᠦ ᠪᠤᠯᠤᠭᠰᠠᠨ ᠪᠠᠶᠢᠨ᠎ᠠ᠃ ᠪᠦᠷ ᠬᠡᠯᠡ ᠨᠢ ᠤᠷᠢᠶᠠᠯᠳᠤᠵᠦ ᠦᠭᠡ ᠪᠠᠨ ᠴᠦ ᠴᠡᠪᠡᠷ ᠲᠤᠳᠦ ᠤᠨᠤᠪᠴᠢᠳᠠᠢ ᠦᠭᠡ ᠪᠠᠷ ᠢᠯᠡᠳᠭᠡᠵᠦ ᠴᠢᠳᠠᠬᠤ ᠦᠭᠡᠢ᠂ ᠮᠤᠷᠢᠨ ᠲᠤᠭᠤᠷᠠᠢ ᠶᠢ ᠵᠢᠭᠠᠭᠠᠳ ᠱᠠᠬᠠᠢ ᠭᠡᠵᠦ᠂ ᠮᠤᠷᠢᠨ ᠤ ᠲᠠᠯ ᠢ ᠵᠢᠭᠠᠭᠠᠳ ᠮᠤᠷᠢᠨ ᠤ ᠬᠡᠵᠢᠭᠡ ᠬᠡᠬᠦ ᠮᠡᠳᠦ ᠶᠢᠨ ᠤᠯᠠᠨ ᠠᠷᠪᠢᠨ ᠦᠭᠡᠨ ᠤ ᠲᠠᠰᠢᠶ᠎ᠠ ᠯᠤᠬᠢᠭ ᠤᠨ ᠠᠯᠳᠠᠭ᠎ᠠ ᠭᠠᠷᠭᠠᠵᠦ᠂ ᠢᠨᠢᠶᠡᠳᠦᠮ ᠱᠤᠭ ᠲᠠᠢ ᠦᠯᠢᠭᠡᠷ ᠡᠭᠦᠰᠭᠡᠵᠦ ᠪᠠᠶᠢᠳᠠᠭ᠃ ᠪᠠᠭᠰᠢ ᠪᠤᠯᠤᠭᠰᠠᠳ ᠪᠢᠳᠡ ᠡᠨᠡ ᠪᠦᠬᠦᠨ ᠢ ᠬᠠᠷᠠᠭᠠᠳ ᠡᠯᠢᠭᠡ ᠡᠮᠳᠡᠷᠡᠵᠦ ᠰᠡᠭᠦᠷᠡᠰᠦ ᠠᠯᠳᠠᠭᠠᠳ ᠰᠠᠭᠤᠵᠦ ᠪᠤᠯᠬᠤ ᠦᠭᠡᠢ᠂ ᠬᠠᠷᠢᠨ ᠠᠷᠭ᠎ᠠ ᠮᠠᠶ᠋ᠢᠭ ᠰᠦᠪᠡᠭᠴᠢᠯᠡᠨ ᠡᠨᠡ ᠬᠦ ᠮᠤᠩᠭᠤᠯ ᠤᠨ ᠪᠦᠷᠢᠯᠸ᠎ᠠ ᠪᠤᠯᠤᠭᠰᠠᠨ ᠮᠤᠩᠭᠤᠯ ᠲᠦᠮᠡᠨ ᠤ ᠦᠷ᠎ᠡ ᠬᠡᠤᠬᠡᠳ ᠤᠨ ᠬᠢᠨ ᠦᠪᠡᠷᠮᠢᠴᠡ ᠬᠦᠭᠵᠢᠯᠳᠡ ᠶᠢ ᠪᠠᠳᠤᠯᠠᠵᠦ᠂ ᠲᠡᠳᠡᠨ ᠢ ᠦᠪᠡᠷ ᠤᠨ ᠭᠡᠰᠡᠨ ᠦᠪ ᠰᠤᠶᠤᠯ ᠲᠠᠢ᠂ ᠦᠭᠡ ᠬᠡᠯᠡ ᠲᠠᠢ᠂ ᠤᠳᠤᠬᠢᠴᠢᠯᠠᠯᠳᠠ ᠪᠠ ᠲᠡᠯᠡᠭᠡᠢ ᠶᠢᠨ ᠬᠦᠭᠵᠢᠯᠳᠡ ᠲᠠᠢ ᠮᠦᠷᠦ ᠵᠡᠷᠭᠡᠴᠡᠭᠰᠡᠨ ᠮᠤᠩᠭᠤᠯ ᠢᠷᠭᠡᠨ ᠪᠤᠯᠭᠠᠨ ᠬᠦᠮᠦᠵᠢᠭᠦᠯᠬᠦ ᠪᠠᠷ ᠴᠠᠭ ᠦᠷᠭᠦᠯᠵᠢᠳᠡ ᠰᠠᠨᠠᠭᠠᠰᠢᠷᠠᠵᠦ᠂ ᠰᠢᠨ᠎ᠡ ᠠᠷᠭ᠎ᠠ ᠵᠠᠮ ᠢ ᠬᠠᠶᠢᠨ ᠰᠦᠪᠡᠭᠴᠢᠯᠡᠵᠦ᠂ ᠦᠳᠳᠡᠷ ᠲᠦᠷᠭᠡᠨ ᠡᠨᠡ ᠬᠦ ᠠᠶᠤᠯ ᠲᠠᠢ ᠵᠠᠮ ᠠᠴᠠ ᠨᠢ ᠠᠪᠤᠷᠠᠵᠦ ᠠᠪᠴᠢᠷᠠᠬᠤ ᠴᠢᠬᠤᠯᠠᠳᠠᠢ ᠪᠠᠶᠢᠨ᠎ᠠ᠃ ᠡᠶᠢᠮᠦ ᠠᠴᠠ ᠴᠡᠴᠡᠷᠯᠢᠭ ᠤᠨ ᠵᠢᠭᠠᠨ ᠰᠤᠷᠭᠠᠯᠳᠠ ᠠᠴᠠ ᠭᠠᠷᠳᠠᠵᠦ ᠮᠤᠩᠭᠤᠯ ᠦᠭᠡ ᠬᠡᠯᠡᠨ ᠤ ᠬᠦᠭᠵᠢᠯᠳᠡ ᠶᠢ ᠨᠢ ᠠᠬᠢᠭᠤᠯᠬᠤ ᠴᠢᠬᠤᠯᠠᠲᠠᠢ᠂ ᠭᠡᠬᠦ ᠳᠤ ᠵᠦᠪᠬᠡᠨ ᠪᠠᠭᠰᠢ ᠶᠢ ᠲᠦᠰᠢᠭᠡᠳ ᠪᠤᠯᠬᠤ ᠪᠢᠰᠢ᠂ ᠬᠠᠷᠢᠨ ᠬᠡᠷ ᠪᠦᠯᠢ᠂ ᠰᠤᠷᠭᠠᠭᠤᠯᠢ ᠶᠢᠨ ᠬᠠᠮᠳᠦ ᠶᠢᠨ ᠬᠦᠴᠦᠨ ᠪᠠᠶᠢᠬᠤ ᠶᠤᠰᠤᠳᠠᠢ ᠶᠤᠮ᠃ ᠬᠡᠷ ᠪᠦᠯᠢ ᠪᠤᠯ ᠬᠡᠯᠡ ᠶᠢᠨ ᠭᠤᠯᠤᠮᠳᠠ ᠶᠤᠮ᠃ ᠦᠭᠡ ᠬᠡᠯᠡ ᠪᠤᠯ ᠬᠦᠨ ᠦᠨᠳᠦᠰᠦ ᠮᠦᠨ᠃ ᠶᠠᠭᠤᠨ ᠤ ᠤᠷᠢᠳ ᠮᠤᠩᠭᠤᠯ ᠢᠶᠠᠷ ᠬᠢᠴᠢᠶᠡᠯᠯᠡᠵᠦ ᠪᠠᠶᠢᠭ᠎ᠠ ᠪᠠᠭᠰᠢ ᠨᠠᠷ ᠮᠢᠨᠢ ᠡᠷᠬᠡᠪᠰᠢ᠂ ᠮᠤᠩᠭᠤᠯ ᠰᠤᠶᠤᠯ ᠤᠨ ᠦᠵᠡᠯᠳᠡ ᠲᠠᠨᠢᠯᠳᠠ ᠪᠠᠨ ᠦᠨᠡᠨ ᠬᠦ ᠲᠡᠭᠡᠭᠰᠢᠯᠡᠬᠦᠯᠵᠦ᠂ ᠦᠨᠳᠦᠰᠦᠳᠡᠨ ᠤ ᠰᠤᠷᠭᠠᠨ ᠬᠦᠮᠦᠵᠢᠯ ᠲᠤᠮᠳᠠ ᠤᠷᠤᠰᠢᠵᠦ ᠪᠠᠶᠢᠭ᠎ᠠ ᠠᠰᠠᠭᠤᠳᠠᠯ ᠳᠤ ᠰᠠᠨᠠᠭᠠᠰᠢᠷᠠᠵᠦ᠂ ︽ᠪᠢᠯᠢᠭ ᠪᠠᠭᠠᠳᠤᠷ ᠪᠤᠯ ᠮᠢᠩᠭᠠᠨ ᠦᠶ᠎ᠡ ᠶᠢᠨ ᠪᠠᠭᠠᠳᠤᠷ︾ ᠭᠡᠰᠡᠨ ᠠᠯᠮᠠᠰ ᠰᠢᠬ ᠰᠤᠷᠭᠠᠯ ᠢ ᠵᠢᠷᠦᠮᠯᠡᠨ ᠡᠷᠬᠢᠮᠯᠡᠵᠦ ᠢᠳᠡᠭᠡᠯ ᠵᠤᠷᠢᠭᠲᠠᠢ ᠪᠠᠷ᠂ ᠦᠷ᠎ᠡ ᠬᠡᠤᠬᠡᠳ ᠤᠨ ᠢᠶᠠᠨ ᠲᠦᠯᠦᠭᠡ ᠵᠢᠳᠭᠦᠬᠦ ᠶᠤᠰᠤᠳᠠᠢ᠃ ᠬᠡᠳᠦ᠋ᠢᠪᠡᠷ ᠪᠢᠳᠡ ᠡᠭᠦᠳᠡ ᠭᠠᠷᠤᠮᠠᠭᠴᠠ ᠮᠤᠩᠭᠤᠯ ᠲᠠᠯ᠎ᠠ ᠨᠤᠳᠤᠭ᠂ ᠪᠠᠶᠠᠨ ᠲᠠᠩᠰᠤᠭ ᠮᠠᠯ ᠰᠦᠷᠦᠭ ᠢᠶᠠᠨ ᠤᠯᠵᠦ ᠬᠠᠷᠠᠬᠤ ᠦᠭᠡᠢ ᠴᠦ ᠭᠡᠰᠡᠨ ᠬᠡᠳᠦᠨ ᠮᠤᠩᠭᠤᠯ ᠬᠡᠤᠬᠡᠳ ᠢᠶᠠᠨ ᠰᠠᠶᠢᠬᠠᠨ ᠬᠠᠷᠠᠵᠦ᠂ ᠰᠠᠶᠢᠨ ᠲᠤᠳᠤᠮᠳᠠᠵᠦ᠂ ᠴᠡᠴᠡᠷᠯᠢᠭ ᠤᠨ ᠢᠶᠠᠨ ᠪᠤᠳᠠᠳᠦ ᠪᠠᠶᠢᠳᠠᠯ ᠲᠠᠢ ᠤᠶᠠᠯᠳᠤᠭᠤᠯᠤᠨ ᠮᠤᠩᠭᠤᠯ ᠤᠷᠠᠯᠢᠭ ᠢᠶᠠᠷ ᠴᠢᠮᠡᠵᠦ᠂ ᠮᠤᠩᠭᠤᠯ ᠵᠠᠩ ᠲᠠᠳᠬᠠᠯ᠂ ᠤᠯᠠᠮᠵᠢᠯᠠᠯᠳᠦ ᠶᠤᠰᠦ᠂ ᠤᠯᠠᠮᠵᠢᠯᠠᠯᠳᠦ ᠨᠠᠶᠢᠷ ᠨᠠᠭᠠᠳᠤᠮ ᠢ ᠦᠷᠨᠢᠭᠦᠯᠵᠦ ᠴᠢᠳᠠᠪᠡᠯ ᠬᠡᠤᠬᠡᠳ ᠲᠤ ᠯᠠᠪᠳᠠᠢ ᠬᠦᠨ ᠰᠠᠭᠤᠭᠳᠠᠯ ᠦᠭᠴᠦ ᠨᠡᠩ ᠢᠯᠡᠬᠦᠦ ᠰᠤᠨᠢᠷᠬᠠᠯᠳᠠᠢ ᠪᠤᠯᠬᠤ ᠨᠢ ᠯᠠᠪᠳᠠᠢ᠃      ᠪᠢᠳᠡᠨ ᠳᠤ ᠲᠦᠷᠦᠯᠬᠢ ᠬᠡᠯᠡ ᠪᠠᠶᠢᠭ᠎ᠠ ᠶᠤᠮ ᠴᠢᠨᠢ ᠮᠠᠨ ᠤ ᠪᠠᠭᠰᠢ ᠪᠤᠯᠤᠭᠰᠠᠳ ᠴᠢᠷᠮᠠᠶᠢᠳᠠᠭ ᠯᠡ ᠶᠤᠮ ᠪᠤᠯ ᠯᠠᠪᠳᠠᠢ ᠠᠮᠵᠢᠯᠳᠠ ᠤᠯᠵᠦ ᠴᠢᠳᠠᠬᠤ ᠶᠤᠮ᠃ ᠬᠡᠯᠡ ᠲᠠᠢ ᠪᠤᠯ ᠬᠦᠯ ᠲᠠᠢ ᠪᠠᠶᠢᠳᠠᠯ᠎ᠠ ᠬᠦᠯ ᠦᠭᠡᠢ ᠲᠠᠯᠠᠢ ᠳᠤ ᠵᠢᠪᠬᠦ ᠶᠤᠰᠦ ᠦᠭᠡᠢ᠃ ᠪᠢᠳᠡ ᠦᠪᠡᠷ ᠤᠨ ᠬᠡᠯᠡ ᠲᠠᠢ ᠦᠷ᠎ᠡ ᠬᠡᠤᠬᠡᠳ ᠢᠶᠠᠷ ᠢᠶᠠᠨ ᠶᠠᠭᠠᠬᠢᠭᠰᠠᠨ ᠴᠦ ᠲᠤᠳᠠᠵᠦ ᠪᠤᠯᠬᠤ ᠦᠭᠡᠢ᠃ ᠲᠡᠭᠡᠪᠡᠯ ᠮᠤᠩᠭᠤᠯ ᠰᠤᠶᠤᠯ ᠤᠨ ᠲᠦᠷᠦᠭᠡ ᠶᠢ ᠵᠢᠬᠢᠬᠦ ᠬᠦᠯ ᠲᠤᠳᠠᠨ᠎ᠠ᠃ ᠲᠡᠯᠡᠭᠡᠢ ᠮᠤᠩᠭᠤᠯ ᠬᠡᠯᠡ ᠲᠠᠢ ᠦᠨᠳᠦᠰᠦᠳᠡᠨ ᠢᠶᠠᠷ ᠶᠠᠭᠠᠬᠢᠭᠰᠠᠨ ᠴᠦ ᠲᠤᠳᠠᠵᠦ ᠪᠤᠯᠬᠤ ᠦᠭᠡᠢ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号