ᠪᠤᠷᠨᠠᠢ ᠴᠢᠨ ᠸᠠᠩ ᠲᠠᠢ ᠬᠤᠯᠪᠤᠭᠳᠠᠭᠰᠠᠨ ᠵᠠᠷᠤᠳ ᠤᠨ ᠨᠤᠳᠤᠭ ᠤᠰᠤᠨ ᠤ ᠦᠯᠢᠭᠡᠷ ᠲᠤᠮᠤᠭ ᠤᠳ ︵ᠲᠣᠣᠷᠠᠳᠣ︶
ᠨᠡᠶᠢᠲᠡᠯᠡᠭᠰᠡᠨ ᠴᠠᠭ᠄
2020/5/18
     7. ᠪᠦᠳᠦᠬᠦᠨ ᠮᠤᠳᠤ      ᠬᠡᠷᠴᠢᠯᠠᠭᠤ ᠰᠤᠮᠤ ᠶᠢᠨ ᠬᠠᠳᠠᠨ ᠠᠶᠢᠯ ᠭᠠᠴᠠᠭ᠎ᠠ ᠶᠢᠨ ᠵᠠᠬᠦᠨ ᠡᠮᠤᠨ᠎ᠠ ᠪᠠᠶᠢᠬᠤ ᠲᠠᠯ᠎ᠠ ᠶᠢᠨ ᠵᠠᠬᠦᠨ ᠬᠦᠪᠡᠭᠡ ᠳᠠᠬᠢ ᠪᠠᠷᠠᠭᠤᠨ ᠬᠤᠶᠢᠰᠢ ᠬᠠᠨᠳᠤᠬᠰᠠᠠ ᠨᠢᠬᠡᠨ ᠭᠤᠷᠪᠠᠨ ᠲᠠᠯ᠎ᠠ ᠠᠴᠠ ᠪᠠᠨ ᠥᠯᠤ ᠥᠵᠡᠭᠳᠠᠬᠦ ᠨᠢᠭᠤᠴᠨ ᠨᠢᠭᠤᠳᠠᠮ ᠲᠤᠬᠤᠢ ᠭᠠᠵᠠᠷ ᠲᠤ ᠪᠠᠶ᠎ᠠ ᠲᠠᠯᠳᠠᠯᠠᠨ ᠤᠷᠭᠤᠯ᠎ᠠ ᠬᠡᠮᠠᠷ ᠨᠢᠬᠡᠨ ᠰᠠᠭᠤᠷᠢ ᠬᠦᠭᠰᠢᠨ ᠰᠠᠬᠯᠠᠭᠠᠷ ᠬᠠᠶᠢᠯᠠᠰᠤ ᠪᠠᠶᠢᠳᠠᠭ ᠢ ᠨᠤᠳᠤᠭ ᠤᠨ ᠬᠦᠮᠦᠰ ᠴᠥᠮ ︽ᠪᠥᠳᠤᠬᠦᠨ ᠮᠤᠳᠤ︾ ᠬᠡᠳᠡᠭ᠃ ᠤᠳᠤ ︽ᠪᠥᠳᠤᠬᠦᠨ ᠮᠤᠳᠤ︾ ᠶᠢ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠠᠴᠠ ᠡᠷᠲᠡᠨ ᠤ ᠮᠤᠳᠤ ᠪᠠᠷ ᠨᠠᠷᠠᠶᠢᠤᠠᠴᠤ ᠫᠠᠶᠢᠰᠨ ᠲᠠᠮᠳᠡᠭ ᠪᠤᠰᠬᠠᠨ ᠬᠦᠷᠢᠶᠠᠵᠢᠬᠦᠯᠤᠨ ᠬᠠᠮᠠᠭᠠᠯᠠᠵᠤ ᠪᠤᠢ᠃ ᠲᠤᠬᠠᠢ ᠶᠢᠨ ᠭᠠᠵᠠᠷ ᠤᠨ ᠬᠦᠮᠤᠰ ᠤᠨ ᠬᠡᠯᠠᠯᠴᠠᠬᠦ ᠪᠠᠷ ︽ᠪᠥᠳᠤᠬᠦᠨ ᠮᠤᠳᠤ︾ ᠡᠨᠠ ᠨᠤᠳᠤᠭ ᠤᠨ ᠬᠦᠷᠤᠰᠤᠨ ᠳᠤ ᠨᠢᠬᠡᠨᠳᠠ ᠭᠤᠷᠪᠠᠨ ᠵᠠᠭᠤ ᠢᠯᠠᠬᠦᠤ ᠵᠢᠯ ᠥᠠᠳᠤᠰᠤ ᠬᠠᠳᠬᠤᠨ ᠤᠷᠭᠤᠵᠤ ᠪᠠᠶᠢᠬᠤ ᠪᠠᠷ ᠪᠠᠷᠠᠬᠤ ᠦᠭᠡᠢ ᠡᠶᠢᠮᠤ ᠨᠢᠬᠡᠨ ᠥᠯᠢᠬᠡᠷ ᠢ ᠮᠠᠨ ᠳᠤ ᠤᠯᠠᠮᠵᠢᠯᠠᠵᠤ ᠢᠷᠡᠭᠰᠠᠠ ᠬᠡᠳᠡᠭ᠃      1675 ᠤᠨ ᠤ ᠨᠢᠬᠡᠨ ᠡᠳᠤᠷ ᠴᠠᠬᠠᠷ ᠤᠨ ᠪᠤᠷᠨᠠᠢ ᠴᠢᠨ ᠸᠠᠩ ᠴᠢᠩ ᠤᠨ ᠴᠡᠷᠢᠭ ᠲᠤ ᠬᠠᠰᠢᠬᠳᠠᠵᠤ ᠭᠠᠷᠬᠤ ᠵᠠᠮ ᠦᠭᠡᠢ ᠮᠤᠬᠤᠷᠳᠠᠬᠤ ᠳᠠᠭᠠᠨ ᠨᠢᠬᠡᠨ ᠨᠢᠭᠤᠴᠨ ᠨᠢᠭᠤᠳᠠᠮ ᠭᠠᠵᠠᠷ ᠤᠷᠭᠤᠬᠰᠠᠠ ᠬᠠᠶᠢᠯᠠᠰᠤᠨ ᠮᠤᠳᠤᠨ ᠤ ᠲᠤᠤᠷ᠎ᠠ ᠬᠦᠮᠤᠨ ᠮᠤᠷᠢ ᠲᠠᠢ ᠪᠠᠨ ᠪᠠᠶ᠎ᠠ ᠲᠠᠯᠳᠠᠯᠠᠨ ᠠᠮᠢ ᠵᠤᠯᠪᠢᠬᠰᠠᠠ ᠬᠡᠨ᠎ᠠ᠃ ᠴᠢᠩ ᠤᠨ ᠴᠡᠷᠢᠭ ᠤᠨ ᠬᠦᠯ ᠥᠡᠭᠬᠡᠷᠡᠭᠰᠠᠠ ᠤ ᠲᠠᠷᠠᠭ᠎ᠠ ᠪᠤᠷᠨᠠᠢ ᠴᠢᠨ ᠸᠠᠩ ᠶᠠᠭᠠᠷᠠᠤ ᠰᠠᠠᠳᠤᠷᠤᠤ ᠮᠤᠷᠢᠨ ᠳᠠᠭᠠᠨ ᠲᠠᠬᠢᠨ ᠮᠤᠷᠳᠠᠬᠰᠠᠠ ᠪᠤᠯᠪᠠᠴᠤ ᠲᠤᠯᠵᠤ ᠢᠷᠡᠭᠰᠠᠠ ᠠᠮᠢ ᠨᠠᠰᠤᠨ ᠤ ᠠᠶᠤᠯ ᠲᠥᠭᠰᠢᠬᠦᠷᠢ ᠠᠴᠠ ᠠᠪᠤᠷᠠᠵᠤ ᠬᠠᠮᠠᠭᠠᠯᠠᠬᠰᠠᠠ ᠲᠠᠷᠡ ᠬᠦ ᠬᠠᠶᠢᠯᠠᠰᠤᠨ ᠮᠤᠳᠤᠨ ᠠᠴᠠ ᠶᠠᠬᠡᠯ᠎ᠠ ᠰᠠᠯᠵᠤ ᠶᠠᠳᠠᠨ ︽ᠠᠮᠢ ᠶᠢ ᠠᠪᠤᠷᠠᠬᠰᠠᠠ ᠠᠴᠢᠳᠠᠨ ᠮᠢᠨᠢ᠂ ᠴᠢᠨᠤ ᠰᠠᠯᠠᠭ᠎ᠠ ᠨᠠᠮᠠᠭ᠎ᠠ ᠭᠠᠵᠠᠷ ᠰᠢᠬᠦᠷᠠᠬᠦ ᠲᠠᠷᠨ ᠥᠶ᠎ᠠ ᠳᠤ ᠮᠠᠬᠦᠰ ᠪᠢ ᠲᠠᠬᠢᠨ ᠢᠷᠠᠵᠤ ᠴᠢᠮ᠎ᠠ ᠶᠢ ᠰᠢᠳᠤᠬᠡᠨ ᠪᠤᠯᠭᠠᠨ ᠲᠠᠬᠢᠰᠤᠭᠠᠢ ︕︾ ᠬᠡᠵᠤ ᠠᠮᠠᠯᠳᠠᠭᠠᠳ ᠴᠠᠭᠠᠰᠢ ᠳᠠᠪᠬᠢᠭᠤᠯᠤᠭᠰᠠᠨ ᠬᠡᠨ᠎ᠠ᠃ ᠡᠶᠢᠮᠤ ᠠᠴᠠ ᠲᠠᠷᠨ ᠮᠤᠳᠤ ᠪᠤᠷᠨᠠᠢ ᠴᠢᠨ ᠸᠠᠩ ᠤᠨ ᠠᠮᠠᠨ ᠠᠭᠤᠷ ᠢ ᠬᠦᠷᠳᠡᠭᠰᠠᠠ ᠲᠠᠷᠨ ᠡᠳᠤᠷ ᠠᠴᠠ ᠪᠠᠨ ᠡᠬᠢᠯᠠᠨ ᠡᠳᠤᠷ ᠡᠳᠤᠷ ᠡᠵᠠᠨ ᠤ ᠪᠠᠨ ᠪᠤᠴᠠᠵᠤ ᠢᠷᠠᠬᠦ ᠶᠢ ᠬᠦᠰᠠᠨ ᠬᠦᠯᠢᠶᠡᠭᠰᠠᠬᠡᠷ ᠨᠠᠮᠠᠭ᠎ᠠ ᠰᠠᠯᠠᠭ᠎ᠠ ᠪᠠᠨ ᠭᠠᠵᠠᠷ ᠰᠢᠬᠦᠷᠠᠬᠦᠯᠬᠦ ᠪᠠᠷ ᠰᠠᠬᠯᠠᠶᠢᠬᠰᠠᠭᠠᠷ ᠤᠳᠤ ᠶᠢᠨ ︽ᠪᠥᠳᠤᠬᠦᠨ ᠮᠤᠳᠤ︾ ᠪᠤᠯᠵᠤ ᠤᠷᠭᠤᠬᠰᠠᠠ ᠬᠡᠨ᠎ᠠ᠃      8. ᠵᠤᠤᠬᠠᠳᠤ      ᠴᠢᠩ ᠤᠨ ᠴᠡᠷᠢᠭ ᠲᠤ ᠨᠠᠬᠡᠮᠵᠢᠯᠡᠭᠳᠠᠵᠤ ᠶᠠᠪᠤᠭ᠎ᠠ ᠪᠤᠷᠨᠠᠢ ᠴᠢᠨ ᠸᠠᠩ ᠪᠠᠶᠠᠠᠪᠤᠯᠠᠭ ᠤᠨ ᠰᠢᠯᠤᠬᠦᠰᠤᠳᠠᠢ ︵ᠮᠠᠶᠢᠬᠠᠨ ᠴᠢᠯᠠᠭᠤᠳᠤ︶ ᠠᠭᠤᠯᠨ ᠶᠢᠨ ᠡᠩᠬᠡᠷ ᠲᠤ ᠤᠳᠠᠭᠠᠨ ᠬᠦᠯ ᠲᠤᠬᠳᠠᠵᠤ ᠴᠢᠳᠠᠬᠰᠠᠠ ᠦᠭᠡᠢ ᠭᠤᠴᠢᠭᠠᠤᠨ ᠴᠡᠷᠢᠭ ︵ᠡᠬᠦᠨ ᠳᠤ ᠯᠤᠪᠰᠠᠩ ᠤᠨ ᠡᠬᠡᠨᠠᠷ ᠬᠡᠤᠬᠡᠤᠨ ᠪᠠᠭᠳᠠᠵᠤ ᠪᠤᠢ︶ ᠢᠶᠠᠨ ᠲᠠᠭᠠᠭᠤᠯᠵᠤ ᠠᠷᠤ ᠬᠤᠷᠴᠢᠨ᠂ ᠵᠠᠷᠤᠤᠨ ᠢ ᠵᠠᠭᠠᠭᠯᠠᠵᠤ ᠪᠠᠶᠢᠭ᠎ᠠ ᠪᠠᠷᠠᠭᠤᠨ ᠬᠠᠪᠴᠢᠯ ᠢᠶᠠᠷ ᠥᠡᠭᠬᠡᠷᠠᠪᠠ᠃ ᠬᠡᠬᠦ ᠳᠡᠭᠡᠨ ᠲᠠᠷᠨ ᠤᠳᠤ ᠶᠢᠨ ᠭᠠᠨᠵᠤᠤᠷ ᠤᠪᠤᠭ᠎ᠠ ᠶᠢᠨ ᠪᠠᠷᠠᠭᠤᠨ ᠡᠮᠤᠨ᠎ᠠ ᠪᠠᠶᠢᠬᠤ ᠨᠢᠬᠡᠨ ᠠᠭᠤᠯᠨ ᠶᠢᠨ ᠵᠠᠬᠦᠨ ᠰᠤᠭᠤ ᠶᠢᠨ ᠭᠤᠤᠯ ᠤᠨ ᠬᠦᠪᠡᠭᠡ ᠲᠠᠬᠡᠷ᠎ᠠ ᠪᠠᠭᠤᠳᠠᠯᠯᠠᠨ ᠵᠤᠷᠢᠭᠤᠳᠠ ᠤᠯᠠᠨ ᠲᠠᠤᠯᠠᠢ ᠶᠢᠨ ᠵᠤᠤᠬ᠎ᠠ ᠮᠠᠯᠳᠠᠵᠤ ᠭᠠᠯ ᠤᠳᠤᠭ᠎ᠠ ᠲᠠᠯᠪᠢᠨ᠂ ᠵᠠᠬ᠎ᠠ ᠳᠤᠨᠢ ᠠᠶᠠᠭᠠᠨ ᠤ ᠮᠥᠷ ᠭᠠᠷᠭᠠᠨ᠂ ᠪᠤᠷᠭᠠᠰᠤᠨ ᠰᠠᠪᠬ᠎ᠠ ᠬᠠᠶᠠᠵᠤ᠂ ᠮᠤᠷᠢᠤᠨ ᠤᠨ ᠬᠦᠯ ᠢᠶᠠᠷ ᠬᠢᠰᠬᠢᠬᠦᠯᠤᠨ᠂ ᠶᠡᠭᠡ ᠬᠡᠪᠴᠢᠶᠠᠨ ᠤ ᠡᠪᠠᠰᠤᠨ ᠨᠠᠯᠠᠷᠬᠠᠢ ᠭᠠᠷᠭᠠᠨ ᠠᠷᠤ ᠠᠴᠠ ᠨᠢ ᠰᠢᠬᠠᠮᠳᠠᠭᠤᠯᠵᠤ ᠪᠠᠶᠢᠭ᠎ᠠ ᠴᠢᠩ ᠤᠨ ᠴᠡᠷᠢᠭ ᠤᠨ ᠨᠠᠬᠡᠮᠵᠢᠯᠠᠯᠳᠠ ᠶᠢ ᠤᠷᠠᠨ ᠠᠷᠭ᠎ᠠ ᠪᠠᠷ ᠤᠳᠠᠭᠠᠰᠢᠷᠭᠠᠤᠯᠵᠤ᠂ ᠥᠪᠠᠷ ᠤᠨ ᠵᠤᠷᠢᠬᠰᠠᠠ ᠭᠠᠵᠠᠷ ᠲᠠᠭᠠᠨ ᠪᠤᠳᠤᠬᠰᠠᠠ ᠴᠠᠭ ᠲᠠᠭᠠᠨ ᠠᠶᠤᠯ ᠡ᠊ᠨᠳᠠᠯ ᠦᠭᠡᠢ ᠬᠦᠷᠴᠤ ᠤᠴᠢᠬᠰᠠᠠ ᠬᠡᠨ᠎ᠠ᠃ ᠪᠤᠷᠨᠠᠢ ᠴᠢᠨ ᠸᠠᠩ ᠤᠨ ᠠᠭᠤᠳᠠᠯᠤᠬᠰᠠᠠ ᠲᠠᠤᠯᠠᠢ ᠶᠢᠨ ᠵᠤᠤᠬ᠎ᠠ ᠤᠳᠠᠭᠠᠨ ᠵᠢᠯ ᠬᠤᠯᠨ ᠠᠴᠠ ᠬᠠᠷᠠᠯᠠᠨ ᠬᠠᠷᠠᠬᠳᠠᠳᠠᠭ ᠪᠤᠯᠬᠤᠷ ᠬᠦᠮᠤᠰ ᠲᠠᠷᠨ ᠤᠷᠴᠢᠮ ᠤᠨ ᠭᠠᠵᠠᠷ ᠢ ︽ᠵᠤᠤᠬᠠᠳᠤ︾ ᠬᠡᠮᠠᠨ ᠨᠠᠷᠠᠶᠢᠤᠠᠴᠤ᠂ ᠪᠠᠷᠠᠭᠤᠨ ᠲᠠᠯ᠎ᠠ ᠶᠢᠨ ᠠᠭᠤᠯᠨ ᠶᠢ ᠨᠢ ︽ᠵᠤᠤᠬᠠᠳᠤ ᠶᠢᠨ ᠠᠭᠤᠯᠨ ︾ ᠬᠡᠵᠠᠢ᠃ ᠤᠳᠤ ︽ᠵᠤᠤᠬᠠᠳᠤ ᠶᠢᠨ ᠠᠭᠤᠯᠨ︾ ᠠᠷᠤ ᠬᠤᠷᠴᠢᠨ ᠬᠤᠰᠢᠭᠤᠨ ᠤ ᠬᠠᠷᠢᠶᠠᠨ ᠳᠤ ᠬᠠᠷᠢᠶᠠᠯᠠᠬᠳᠠᠵᠤ ᠪᠤᠢ᠃      9. ᠬᠦᠢᠯᠠᠰᠤᠳᠠᠢ ᠠᠭᠤᠯᠨ      ᠪᠢ ᠮᠠᠩᠭᠤᠳ ᠪᠥᠬᠡ ᠶᠢᠨ ᠪᠢᠴᠢᠭᠰᠡᠠ ︽ᠪᠤᠷᠨᠠᠢ ᠴᠢᠨ ᠸᠠᠩ ᠤᠨ ᠲᠤᠬᠠᠢ︾ ᠬᠡᠬᠦ ᠵᠤᠬᠢᠶᠠᠯ ᠳᠤ ︽᠁ ᠪᠤᠷᠨᠠᠢ ᠴᠢᠨ ᠸᠠᠩ ᠴᠡᠷᠢᠭ ᠮᠤᠷᠢᠤᠨ ᠴᠥᠬᠡᠨ ᠠᠴᠠ ᠪᠤᠯᠵᠤ ᠴᠢᠩ ᠤᠨ ᠴᠡᠷᠢᠭ ᠲᠤ ᠶᠠᠬᠡᠯ᠎ᠠ ᠲᠠᠶᠢᠯᠤᠭ᠍ᠳᠠᠵᠤ ᠮᠤᠬᠤᠷᠳᠠᠬᠤ ᠳᠠᠭᠠᠨ ᠬᠦᠷᠢᠶ᠎ᠠ ᠬᠤᠰᠢᠭᠤᠨ ᠤ ᠲᠠᠯᠠᠨ ᠠᠭᠤᠯᠠᠨ ᠠᠴᠠ ᠵᠠᠷᠤᠤᠨ ᠤᠨ ᠬᠦᠢᠯᠠᠰᠤᠳᠠᠢ ᠠᠭᠤᠯᠠᠨ ᠳᠤ ᠲᠤᠳᠠᠭᠠᠵᠤ ᠬᠦᠷᠪᠠ︾ ᠬᠡᠵᠤ ᠪᠢᠴᠢᠭᠳᠡᠭᠰᠠᠠ ᠨᠢᠬᠡ ᠪᠠᠳᠠᠭ ᠥᠬᠦᠯᠠᠪᠤᠷᠢ ᠶᠢ ᠤᠯᠵᠤ ᠤᠩᠰᠢᠭᠰᠠᠨ ᠤ ᠲᠠᠷᠠᠭ᠎ᠠ ︽ᠬᠦᠢᠯᠠᠰᠤᠳᠠᠢ ᠠᠭᠤᠯᠨ︾ ᠶᠢ ᠵᠠᠷᠤᠤᠨ ᠤᠨ ᠬᠡᠪᠴᠢᠶᠠᠨ ᠳᠤ ᠬᠤᠶᠠᠷ ᠵᠢᠯ ᠰᠢᠬᠠᠮ ᠡᠷᠢᠭᠰᠡᠭᠡᠷ 2014 ᠤᠨ ᠤ ᠨᠠᠮᠤᠷ ᠬᠤᠤᠯᠢᠩᠭᠤᠤᠯ ᠤᠨ ᠵᠢᠷᠠᠨ ᠠᠭᠤᠯᠨ ᠶᠢᠨ ᠡᠩᠬᠡᠷ ᠲᠤ ᠵᠤᠰᠠᠵᠤ ᠪᠠᠶᠢᠬᠰᠠᠠ ᠬᠡᠷᠴᠢᠯᠠᠭᠤ ᠰᠤᠮᠤ ᠶᠢᠨ ᠬᠠᠳᠠᠨ ᠠᠶᠢᠯ ᠤᠨ ᠬᠠᠰᠢᠷ ᠠᠳᠤᠭᠤᠴᠢᠨ ᠮᠠᠩᠯᠠᠢ ᠭᠤᠸᠠᠢ ᠲᠠᠢ ᠠᠭᠤᠯᠵᠠᠬᠰᠠᠠ ᠲᠠᠰᠢᠷᠠᠮ ᠳᠠᠭᠠᠨ ᠬᠦᠢᠯᠠᠰᠤᠳᠠᠢ ᠠᠭᠤᠯᠨ ᠬᠠᠮᠢᠭ᠎ᠠ ᠪᠠᠶᠢᠬᠤ ᠶᠢ ᠰᠤᠷᠠᠬᠯᠠᠵᠤ ᠤᠯᠤᠯ᠎ᠠ᠃      ᠬᠦᠢᠯᠠᠰᠤᠳᠠᠢ ᠠᠭᠤᠯᠨ ᠬᠡᠭᠴᠢ ᠬᠤᠤᠯᠢᠩᠭᠤᠤᠯ ᠤᠨ ᠰᠢᠷ᠎ᠠ ᠬᠦᠷᠢ ᠶᠢᠨ ᠠᠷᠤ᠂ ᠥᠵᠤᠮᠤᠴᠢᠨ ᠵᠠᠷᠤᠤᠨ ᠤᠨ ᠵᠠᠭᠠᠭ ᠲᠠᠬᠡᠷ᠎ᠠ ᠪᠠᠶᠢᠬᠤ ᠮᠤᠳᠤᠨ ᠤ ᠲᠥᠷᠤᠯ ᠬᠠᠷᠠᠬᠳᠠᠬᠤ ᠦᠭᠡᠢ ᠴᠦ ᠡᠪᠠᠰᠤᠨ ᠤ ᠰᠤᠷ ᠬᠠᠯᠢᠭᠤᠷᠠᠬᠰᠠᠠ ᠴᠠᠯ ᠨᠤᠭᠤᠭᠠᠨ ᠲᠤᠰᠠᠭᠠᠷ ᠤᠷᠤᠰᠢᠬᠤ ᠪᠥᠳᠤᠬᠦᠨ ᠰᠢᠭ ᠠᠭᠤᠯᠨ ᠪᠠᠶᠢᠯ᠎ᠠ᠃ ᠲᠤᠬᠠᠢ ᠶᠢᠨ ᠵᠢᠯ ᠳᠤ ᠪᠤᠷᠨᠠᠢ ᠴᠢᠨ ᠸᠠᠩ ᠲᠡᠭᠡ ᠶᠢᠨ ᠬᠠᠨ ᠤ ᠪᠠᠷᠠᠭᠤᠨ ᠬᠠᠪᠴᠢᠯ ᠤᠨ ︽ᠵᠤᠤᠬᠠᠳᠤ︾ ᠠᠴᠠ ᠮᠤᠷᠳᠠᠵᠤ᠂ ᠤᠮᠠᠷᠠᠰᠢ ︽ᠵᠢᠷᠠᠨ ᠠᠭᠤᠯᠨ︾  ᠪᠠᠷ ᠲᠠᠮᠵᠢᠨ ᠬᠦᠢᠯᠠᠰᠤᠳᠠᠢ ᠠᠭᠤᠯᠠᠨ ᠳᠤ ᠰᠢᠭᠤᠤᠨ ᠬᠦᠷᠴᠤ ᠬᠦᠯᠢᠭᠡᠯᠵᠡᠵᠦ ᠪᠠᠶᠢᠳᠠᠯ᠎ᠠ ᠬᠤᠷᠴᠢᠨ ᠠᠶᠢᠮᠠᠭ ᠤᠨ ᠡᠹᠥ᠋ ᠱᠠᠵᠢᠨ ︵ᠬᠤᠱᠤᠢ ᠲᠠᠪᠤᠨᠠᠩ︶ ᠬᠡᠳᠡᠭ ᠬᠦᠮᠤᠨ ᠬᠤᠷᠴᠢᠨ ᠤ ᠲᠠᠪᠤᠨ ᠬᠤᠰᠢᠭᠤ ᠶᠢᠨ ᠬᠤᠶᠠᠬᠳᠤ ᠴᠡᠷᠢᠭ ᠢ ᠲᠠᠶᠢᠴᠢᠯᠠᠨ ᠬᠦᠢᠯᠠᠰᠣᠳᠠᠢ ᠠᠭᠤᠯᠨ ᠶᠢ ᠪᠥᠰᠠᠯᠠᠪᠠ᠃ ᠪᠤᠷᠨᠠᠢ ᠴᠢᠨ ᠸᠠᠩ᠂ ᠴᠢᠩ ᠤᠨ ᠴᠡᠷᠢᠭ ᠠᠴᠠ ᠥᠴᠤᠬᠡᠨ ᠴᠦ ᠠᠶᠤᠵᠤ ᠰᠥᠷᠳᠡᠭᠰᠠᠠ ᠦᠭᠡᠢ ᠤᠯᠠᠨ ᠢᠶᠠᠨ ᠲᠠᠭᠠᠭᠤᠯᠤᠨ ᠬᠤᠶᠠᠬᠳᠤ ᠴᠡᠷᠢᠭ ᠲᠠᠢ ᠡᠷᠠᠯᠬᠡᠭᠯᠠᠨ ᠪᠠᠶᠢᠯᠳᠤᠵᠤ᠂ ᠴᠢᠰᠤᠨ ᠵᠠᠮ ᠭᠠᠷᠭᠠᠨ ᠤᠷᠢᠳ ᠢᠶᠠᠷ ᠪᠥᠰᠠᠯᠠᠯᠳᠠ ᠶᠢ ᠰᠢᠪᠳᠤᠯᠤᠨ ᠭᠠᠷᠤᠬᠰᠠᠠ ᠪᠤᠯᠪᠠᠴᠤ ᠤᠶᠢᠯᠠᠰ ᠨᠢᠬᠡᠳᠠᠨ ᠥᠷ᠎ᠠ ᠲᠥᠷᠤᠯ ᠢᠶᠠᠨ ᠠᠪᠤᠷᠠᠨ ᠭᠠᠷᠭᠠᠬᠤ ᠶᠢᠨ ᠲᠦᠯᠦᠭᠡ ᠥᠷᠬᠦᠯᠵᠢᠯᠠᠨ ᠡᠷᠭᠢᠴᠡᠨ ᠪᠠᠶᠢᠯᠳᠤᠪᠠ᠃ ᠭᠡᠪᠡᠴᠦ ᠴᠡᠷᠢᠭ ᠮᠤᠷᠢ ᠬᠤᠮᠰᠠ ᠠᠴᠠ ᠪᠤᠯᠵᠤ ᠬᠦᠴᠦᠨ ᠮᠡᠬᠦᠰᠳᠡᠨ᠂ ᠲᠠᠬᠦᠨ ᠤ ᠳᠡᠭᠦᠦ ᠯᠤᠪᠰᠠᠩ ᠡᠬᠡᠨᠠᠷ ᠬᠡᠤᠬᠡᠤᠨ ᠲᠠᠢ ᠪᠠᠨ ᠴᠢᠩ ᠤᠨ ᠴᠡᠷᠢᠭ ᠲᠤ ᠪᠠᠷᠢᠬᠳᠠᠪᠠ᠃ ᠡᠹᠥ᠋ ᠱᠠᠵᠢᠨ᠂ ᠯᠤᠪᠰᠠᠩ ᠢ ᠠᠯᠠᠬᠰᠠᠠ ᠦᠭᠡᠢ ᠮᠥᠷᠳᠠᠬᠡᠨ ᠰᠠᠶᠢᠬᠠᠨ ᠥᠬᠡ ᠪᠠᠷ ᠮᠠᠬᠡᠯᠠᠵᠤ ᠠᠬ᠎ᠠ ᠶᠢ ᠨᠢ ᠪᠠᠷᠢᠭᠤᠯᠬᠤ ᠪᠠᠷ ᠬᠤᠶᠢᠨ᠎ᠠ ᠠᠴᠠ ᠨᠢ ᠭᠤᠴᠢᠭᠠᠤᠨ ᠴᠡᠷᠢᠭ ᠲᠠᠢ ᠶᠠᠪᠤᠭᠤᠯᠵᠠᠢ᠃ ᠬᠡᠶ᠎ᠠ ᠯᠤᠪᠰᠠᠩ ᠲᠤᠬᠢᠶᠠᠯ ᠢ ᠠᠰᠢᠬᠯᠠᠨ ᠲᠠᠬᠢᠨ ᠤᠷᠪᠠᠵᠤ᠂ ᠪᠤᠳᠠᠯᠠᠢ ᠮᠠᠶᠢᠷᠠᠨ ᠲᠠᠢ ᠨᠠᠶᠢᠯᠠᠵᠤ ᠱᠠᠵᠢᠨ ᠤ ᠢᠯᠠᠬᠡᠭᠰᠠᠠ ᠭᠤᠴᠢᠭᠠᠤᠨ ᠴᠡᠷᠢᠭ ᠢ ᠪᠥᠬᠦᠨ ᠢ ᠤᠰᠠᠤᠠᠬᠠᠪᠠ᠃ ᠡᠨᠠ ᠴᠢᠮᠡᠭᠡ ᠶᠢ ᠱᠠᠵᠢᠨ ᠤᠯᠵᠤ ᠰᠤᠨᠤᠰᠤᠭᠠᠳ ᠶᠠᠬᠡᠯ᠎ᠠ ᠠᠭᠤᠷᠯᠠᠨ᠂ ᠥᠪᠠᠷ ᠤᠨ ᠪᠠᠶ᠎ᠠ ᠪᠠᠷ ᠢᠶᠠᠨ ᠴᠡᠷᠢᠭ ᠵᠢᠯᠤᠭᠤᠳᠤᠨ ᠯᠤᠪᠰᠠᠩ ᠢ ᠲᠠᠭᠤᠵᠤ ᠤᠴᠢᠭᠠᠤᠨ ᠠᠷᠤ ᠠᠴᠠ ᠨᠢ ᠬᠤᠤᠷᠳᠤ ᠰᠤᠮᠤ ᠪᠠᠷ ᠬᠠᠷᠪᠤᠨ ᠠᠯᠠᠪᠠ᠃ ᠬᠦᠢᠯᠠᠰᠤᠳᠠᠢ ᠠᠭᠤᠯᠨ ᠪᠤᠯ ᠪᠠᠭᠠᠳᠤᠷ ᠯᠤᠪᠰᠠᠩ ᠤᠨ ᠴᠢᠰᠤ ᠪᠠᠨ ᠤᠷᠤᠰᠬᠠᠵᠤ᠂ ᠶᠠᠰᠤ ᠪᠠᠨ ᠴᠠᠶᠢᠯᠭᠠᠬᠰᠠᠠ ᠭᠠᠵᠠᠷ ᠨᠤᠳᠤᠭ ᠶᠤᠮ᠃      10. ᠮᠠᠶᠢᠷᠠᠨ ᠤᠪᠤᠭ᠎ᠠ      ᠴᠢᠨ᠋ᠸ᠎ᠠ ᠶᠢᠨ ᠬᠦᠳᠤᠯ ᠲᠠᠬᠡᠷ᠎ᠠ ᠠᠴᠠ ᠤᠮᠠᠷᠠᠰᠢ ᠪᠠᠷᠠᠯᠠᠪᠠᠯ ᠬᠤᠤᠯᠢᠩᠭᠤᠤᠯ ᠤᠨ ᠠᠷᠤ ᠳᠤ ︵ᠥᠵᠤᠮᠤᠴᠢᠨ ᠵᠠᠷᠤᠤᠨ ᠤᠨ ᠵᠠᠭᠠᠭ ᠲᠠᠬᠡᠷ᠎ᠠ︶ ᠨᠢᠬᠡᠨ ᠪᠤᠰᠤᠤᠨ ᠠᠭᠤᠯᠠᠨ ᠠᠴᠠ ᠤᠠᠴᠠᠭᠠᠢ ᠥᠠᠳᠤᠷᠬᠡᠨ ᠪᠥᠳᠤᠬᠦᠨ ᠠᠭᠤᠯᠨ ᠤᠨᠢᠶᠠᠷᠳᠤᠨ ᠬᠠᠷᠠᠬᠳᠠᠨ᠎ᠠ᠃ ᠡᠨᠠ ᠠᠭᠤᠯᠨ ᠪᠤᠯ ᠤᠭ ᠲᠠᠭᠠᠨ ᠵᠠᠷᠤᠳ ᠬᠤᠰᠢᠭᠤᠨ ᠤ ᠪᠠᠶᠠᠷᠳᠤᠬᠤᠰᠢᠭᠤ ᠪᠠᠯᠭᠠᠰᠤᠨ ᠤ ᠪᠠᠷᠢᠮᠳᠠ ᠭᠠᠴᠠᠭᠠᠨ ᠤ ᠮᠠᠯᠴᠢᠤᠨ ᠤᠨ ᠨᠠᠮᠤᠷᠵᠢᠶ᠎ᠠ ᠨᠤᠳᠤᠭ ᠪᠠᠶᠢᠬᠰᠠᠠ ︽ᠮᠠᠶᠢᠷᠠᠨ ᠤᠪᠤᠭ᠎ᠠ︾ ︵ᠮᠠᠯᠴᠢᠤᠨ ᠴᠥᠮ ᠮᠧᠷᠠᠨ ᠤᠪᠤᠭ᠎ᠠ ᠬᠡᠳᠡᠭ︶ ᠪᠤᠯᠤᠨ᠎ᠠ᠃      ᠬᠦᠢᠯᠠᠰᠤᠳᠠᠢ ᠠᠭᠤᠯᠠᠨ ᠳᠤ ᠪᠤᠷᠨᠠᠢ ᠴᠢᠨ ᠸᠠᠩ ᠤᠨ ᠲᠠᠬᠦᠤ ᠯᠤᠪᠰᠠᠩ᠂ ᠡᠹᠥ᠋ ᠱᠠᠵᠢᠨ ᠳᠤ ᠠᠯᠠᠬᠳᠠᠬᠰᠠᠠ ᠳᠤ ᠪᠤᠳᠠᠯᠢ ᠮᠠᠶᠢᠷᠠᠨ ︵ᠨᠤᠲᠤᠭ ᠤᠨ ᠬᠦᠮᠤᠰ ᠪᠤᠳᠢᠷ ᠮᠠᠶᠢᠷᠠᠨ ᠬᠡᠳᠡᠭ︶ ᠭᠠᠭᠴᠠᠭᠠᠷ ᠠᠬᠠᠷ ᠰᠠᠯᠠᠮ᠎ᠠ ᠡᠷᠬᠢᠬᠦᠯᠤᠨ ᠴᠢᠩ ᠤᠨ ᠴᠡᠷᠢᠭ ᠤᠨ ᠨᠤᠬᠠᠢ ᠶᠢᠨ ᠲᠤᠯᠤᠭᠠᠢ ᠶᠢ ᠯᠤᠤᠪᠠᠨᠭ᠌ ᠬᠡᠷᠴᠢᠬᠦ ᠮᠠᠳᠤ ᠴᠠᠪᠴᠢᠯᠠᠨ ᠴᠢᠰᠤᠨ ᠵᠠᠮ ᠭᠠᠷᠭᠠᠨ ᠪᠦᠰᠡᠯᠡᠯᠲᠡ ᠶᠢ ᠰᠢᠪᠳᠤᠯᠤᠨ ᠲᠤᠳᠠᠭᠠᠵᠠᠢ᠃ ᠡᠹᠥ᠋ ᠱᠠᠵᠢᠨ ᠲᠠᠪᠤᠨ ᠬᠤᠰᠢᠭᠤᠨ ᠤ ᠬᠤᠶᠠᠬᠳᠤ ᠴᠡᠷᠢᠭ ᠢᠶᠠᠨ ᠬᠤᠶᠠᠷ ᠭᠠᠷᠯᠠᠨ ᠵᠤᠬᠢᠶᠠᠨ ᠪᠠᠶᠢᠭᠤᠯᠵᠤ᠂ ᠪᠤᠳᠠᠯᠢ ᠮᠠᠶᠢᠷᠠᠨ ᠤ ᠵᠠᠬᠦᠨ ᠪᠠᠷᠠᠭᠤᠨ ᠲᠠᠯ᠎ᠠ ᠪᠠᠷ ᠬᠤᠮᠢᠵᠤ ᠨᠢᠬᠡᠨ ᠥᠠᠳᠤᠷ ᠠᠭᠤᠯᠨ ᠥᠬᠡᠳᠠ ᠠᠯᠪᠠ ᠪᠠᠷ ᠭᠠᠴᠢᠵᠤ ᠬᠠᠰᠢᠨ ᠨᠠᠬᠡᠮᠵᠢᠯᠠᠪᠠ᠃ ᠪᠤᠳᠠᠯᠢ ᠮᠠᠶᠢᠷᠠᠨ ᠤ ᠥᠤᠷ ᠪᠥᠷᠤᠢ ᠶᠢ ᠬᠤᠯᠪᠤᠨ ᠬᠦᠶᠤᠳᠡᠭ ︽ᠵᠢᠬᠦᠷᠳᠤ ᠬᠦᠯᠤᠭ᠌︾ ᠨᠢ ᠪᠠᠶᠢᠯᠳᠤᠭᠠᠨ ᠤ ᠲᠤᠮᠳᠠ ᠵᠠᠯᠭᠠᠪᠠᠷ ᠬᠡᠳᠤᠨ ᠰᠥᠨᠢ ᠬᠡᠳᠤᠨ ᠡᠳᠤᠷ ᠡᠪᠠᠰᠤᠨ ᠤ ᠰᠤᠷ ᠢ ᠴᠦ ᠬᠠᠵᠠᠯᠠᠬᠤ ᠵᠠᠢ ᠦᠭᠡᠢ ᠲᠠᠪᠬᠢᠬᠰᠠᠠ ᠪᠤᠯᠬᠤᠷ ᠶᠠᠪᠤᠬᠤ ᠲᠤᠳᠤᠮ ᠴᠢᠳᠠᠯ ᠲᠠᠩᠬᠡᠬᠡ ᠨᠢ ᠰᠤᠯᠠᠷᠠᠵᠤ᠂ ᠠᠭᠤᠯᠨ ᠮᠥᠷᠬᠦᠬᠡᠤᠨ ᠵᠤᠬᠰᠤᠴᠢᠬᠠᠬᠰᠠᠠ ᠪᠠᠶᠢᠵᠠᠢ᠃ ᠪᠤᠳᠠᠯᠢ ᠮᠠᠶᠢᠷᠠᠨ ᠠᠷᠭ᠎ᠠ ᠪᠤᠰᠤ ︽ᠵᠢᠬᠦᠷᠳᠤ ᠬᠥᠯᠤᠭ᠌︾ ᠢᠶᠠᠨ ᠤᠷᠬᠢᠵᠤ ᠠᠭᠤᠯᠠᠨ ᠤᠷᠬᠢᠯ ᠳᠤ ᠮᠠᠴᠤᠨ ᠭᠠᠷᠴᠤ ᠲᠠᠶᠢᠰᠤᠨ ᠠᠴᠠ ᠤᠷᠢᠤᠨ ᠪᠠᠶᠢᠯᠳᠤᠬᠤ ᠳᠤ ᠠᠰᠢᠭ ᠲᠠᠢ ᠪᠠᠶᠢᠷᠢ ᠶᠢ ᠡᠵᠠᠯᠠᠨ ᠠᠪᠤᠪᠠ᠃ ᠱᠠᠵᠢᠨ ᠤ ᠴᠡᠷᠢᠭ ᠴᠦ ᠬᠤᠷᠤᠬᠠᠢ ᠰᠢᠪᠠᠵᠢ ᠰᠢᠭ ᠠᠪᠠᠭᠠᠷᠠᠯᠳᠤᠵᠤ᠂ ᠲᠠᠬᠦᠨ ᠢ ᠲᠥᠷᠪᠠᠨ ᠲᠠᠯ᠎ᠠ ᠠᠴᠠ ᠨᠢ ᠲᠠᠪᠬᠤᠷ ᠲᠠᠪᠬᠤᠷ ᠪᠥᠰᠡᠯᠠᠨ ︽ᠠᠮᠢᠳᠤ ᠪᠠᠷ ᠪᠠᠷᠢ︕︾ ᠬᠡᠵᠤ ᠤᠤᠬᠠᠶᠢᠯᠠᠨ ᠪᠠᠷᠬᠢᠷᠠᠯᠳᠤᠪᠠᠴᠤ ᠲᠠᠬᠦᠨ ᠤ ᠥᠬᠡᠳᠠ ᠠᠴᠠ ᠲᠠᠭᠠᠷᠢᠵᠤ ᠤᠷᠤᠬᠤ ᠵᠤᠷᠢᠭ ᠦᠭᠡᠢ ᠪᠠᠶᠢᠯ᠎ᠠ᠃ ᠶᠠᠭ ᠡᠨᠠ ᠥᠶ᠎ᠠ ᠳᠤ ᠱᠠᠵᠢᠨ ᠮᠤᠷᠢ ᠲᠠᠪᠬᠢᠭᠤᠯᠵᠤ ᠢᠷᠠᠬᠡᠤᠨ ᠲᠠᠬᠦᠨ ᠤ ᠵᠥᠭ ᠬᠤᠤᠷᠳᠤ ᠵᠡᠪᠡ᠂ ᠬᠤᠯᠠᠭᠠᠢ ᠰᠤᠮᠤ ᠬᠠᠷᠪᠤᠵᠤ ᠠᠯᠳᠠᠨ ᠠᠮᠢ ᠶᠢ ᠨᠢ ᠬᠤᠷᠤᠭᠠᠪᠠ᠃ ᠡᠶᠢᠮᠦ ᠠᠴᠠ ᠬᠤᠵᠢᠮ ᠤᠨ ᠬᠦᠮᠤᠰ ᠪᠤᠳᠠᠯᠢ ᠮᠠᠶᠢᠷᠠᠨ ᠢ ᠲᠤᠷᠠᠰᠬᠠᠬᠤ ᠶᠢᠨ ᠲᠥᠯᠤᠬᠡ ᠲᠠᠬᠦᠨ ᠤ ᠪᠠᠶ᠎ᠠ ᠥᠷᠡᠭᠳᠡᠭᠰᠠᠠ ᠠᠭᠤᠯᠨ ᠶᠢ ︽ᠮᠠᠶᠢᠷᠠᠨ ᠤᠪᠤᠭ᠎ᠠ︾ ᠬᠡᠮᠠᠨ ᠨᠡᠷᠡᠶᠢᠳᠴᠤ ᠭᠡᠨ᠎ᠡ᠃ ᠰᠠᠬᠦᠯᠠᠷ ᠨᠢ ᠤᠳᠤᠷ ᠨᠡᠬᠦᠳᠡᠯ ᠤᠨ ᠮᠠᠯᠴᠢᠳ ᠤᠷᠤᠢ ᠲᠡᠭᠡᠷ᠎ᠡ ᠨᠢ ᠵᠢᠵᠢᠭ ᠴᠢᠯᠠᠭᠤᠨ ᠤᠪᠤᠭ᠎ᠠ ᠪᠤᠰᠬᠠᠵᠤ ᠪᠤᠳᠠᠯᠢ ︵ᠪᠤᠳᠢᠷ︶ ᠮᠠᠶᠢᠷᠠᠨ ᠢ ᠲᠤᠷᠠᠰᠬᠠᠨ ᠲᠠᠬᠢᠭᠰᠠᠭᠠᠷ ᠢᠷᠡᠵᠤ ᠪᠢᠯᠠ᠃      11. ᠠᠯᠳᠠᠨ ᠡᠮᠠᠬᠡᠯ      ᠮᠠᠶᠢᠷᠠᠨ ᠤᠪᠤᠭ᠎ᠠ ᠠᠴᠠ ᠪᠠᠭ᠋ᠠᠨ ᠪᠠᠷᠠᠭᠤᠨ ᠡᠮᠤᠨᠠᠰᠢ ᠬᠤᠷᠢᠭᠠᠤᠨ ᠭᠠᠵᠠᠷ ᠶᠠᠪᠤᠪᠠᠯ ︽ᠠᠯᠳᠠᠨ ᠡᠮᠠᠬᠡᠯ︾ ᠬᠡᠵᠤ ᠵᠠᠬᠦᠨ ᠡᠮᠤᠨᠠᠰᠢ ᠡᠩᠬᠡᠷ ᠢᠶᠠᠨ ᠲᠠᠯᠬᠡᠭᠰᠠᠠ ᠨᠢᠬᠡᠨ ᠰᠠᠶᠢᠬᠠᠨ ᠵᠢᠵᠢᠭ ᠠᠭᠤᠯᠨ ᠬᠠᠷᠠᠭᠠᠨ ᠳᠤ ᠲᠤᠳᠤᠷᠠᠨ᠎ᠠ᠃ ᠡᠨᠠ ᠠᠭᠤᠯᠨ ᠪᠤᠯ ᠲᠠᠷᠤᠢ ᠪᠤᠷᠨᠠᠢ ᠴᠢᠨ ᠸᠠᠩ ᠤᠨ ᠲᠠᠤᠬᠡᠨ ᠤᠯᠨ ᠮᠥᠷ ᠢᠶᠠᠨ ᠲᠠᠮᠠᠭᠠᠯᠠᠬᠰᠠᠠ ᠥᠯᠢᠬᠡᠷ ᠲᠤᠮᠤᠭ ᠲᠠᠢ ᠠᠭᠤᠯᠨ ᠬᠡᠵᠤ ᠵᠠᠷᠤᠤᠨ ᠤᠨ ᠪᠤᠭᠤᠷᠤᠯᠴᠤᠤᠨ ᠬᠦᠤᠷᠨᠢᠳᠡᠭ ᠪᠥᠬᠡᠤᠨ ᠵᠠᠷᠢᠮ ᠵᠤᠬᠢᠶᠠᠯᠴᠢᠤᠨ ᠨᠤᠮ ᠰᠤᠳᠤᠷ ︵︽ᠵᠠᠷᠤᠤᠨ ᠤᠨ ᠪᠠᠭ᠋ᠠᠷᠬᠠᠯ︾᠂ ︽ᠵᠠᠷᠤᠤᠨ ᠤᠨ ᠲᠠᠤᠬᠡ ᠰᠤᠶᠤᠯ︾︶ ᠲᠠᠭᠠᠨ ᠴᠦ ᠲᠠᠬᠡᠵᠤ ᠲᠠᠮᠳᠡᠭᠯᠠᠵᠤ ᠲᠠᠯᠪᠢᠬᠰᠠᠠ ᠪᠢᠯᠨ᠃      ᠲᠠᠤᠬᠡ ᠶᠢᠨ ᠬᠠᠭᠤᠳᠠᠰᠤ ᠶᠢ ᠤᠷᠪᠠᠭᠤᠯᠵᠤ ᠥᠵᠠᠪᠠᠯ ᠪᠤᠷᠨᠠᠢ ᠴᠢᠨ ᠸᠠᠩ 1675 ᠤᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠴᠠᠭᠠᠬᠴᠢᠨ ᠲᠠᠬᠢᠶ᠎ᠠ ᠡᠳᠤᠷ ᠬᠤᠤᠯᠢᠩᠭᠤᠤᠯ ᠠᠴᠠ ᠬᠤᠶᠢᠰᠢ ᠨᠢᠭᠡ ᠡᠳᠦᠷ ᠤᠨ ᠭᠠᠵᠠᠷ ᠤᠨ ᠵᠠᠢ ᠳᠤ ᠲᠠᠶᠢᠨ ᠤ ᠲᠠᠯᠠᠪᠤᠷ ᠲᠤ ᠪᠠᠶ᠎ᠠ ᠥᠷᠡᠭᠳᠡᠭᠰᠠᠠ ᠪᠠᠶᠢᠨ᠎ᠠ᠃ ᠪᠤᠷᠨᠠᠢ ᠴᠢᠨ ᠸᠠᠩ ᠥᠷᠬᠡᠨ ᠠᠭᠤᠳᠠᠮ ᠵᠠᠷᠤᠤᠨ ᠤᠨ ᠨᠤᠳᠤᠭ ᠲᠠᠪᠢᠰᠬᠡᠷ ᠲᠠᠬᠡᠷ᠎ᠠ ᠠᠯᠢ ᠤᠯᠠᠨ ᠲᠠᠤᠬᠡᠳᠤ ᠤᠯᠨ ᠮᠥᠷ ᠢᠶᠠᠨ ᠦᠯᠡᠳᠡᠭᠡᠵᠦ ᠶᠠᠪᠤᠯ᠎ᠠ᠃ ᠲᠤᠬᠠᠢ ᠶᠢᠨ ᠥᠶ᠎ᠠ ᠳᠤ ᠪᠤᠷᠨᠠᠢ ᠴᠢᠨ ᠸᠠᠩ ᠮᠢᠨᠢ ᠠᠯᠳᠠᠨ ᠡᠮᠠᠬᠡᠯ ᠠᠭᠤᠯᠨ ᠶᠢᠨ ᠤᠷᠤᠢ ᠲᠠᠬᠡᠷ᠎ᠠ ᠭᠠᠷᠴᠤ ᠵᠤᠬᠰᠤᠭᠠᠤᠨ ᠵᠠᠬᠦᠨ ᠡᠮᠤᠨ᠎ᠠ ᠵᠥᠭ ᠲᠤ ᠪᠠᠷᠠᠯᠠᠪᠠᠯ ᠬᠤᠤᠯᠢᠩᠭᠤᠤᠯ ᠤᠨ ᠲᠠᠯ᠎ᠠ ᠨᠤᠳᠤᠭ ᠬᠠᠷᠠᠭᠠᠨ ᠤ ᠬᠢᠨᠢ ᠥᠵᠤᠬᠦᠷ ᠲᠤ ᠨᠠᠯᠦ᠋ᠢᠬᠡᠤᠨ᠂ ᠬᠦᠷᠢᠶᠠᠳᠤ ᠨᠠᠭᠤᠷ ᠤᠨ ᠬᠦᠪᠡᠭᠡ ᠪᠠᠷ ᠬᠤᠨᠢᠨ ᠰᠥᠷᠤᠭ᠌ ᠪᠠᠯᠴᠢᠵᠤ᠂ ᠮᠥᠰᠤᠳᠤ ᠶᠢᠨ ᠠᠷᠤ ᠪᠠᠷ ᠮᠤᠩᠭᠤᠯ ᠬᠡᠷ ᠤᠳ ᠴᠠᠶᠢᠯᠵᠠᠨ᠎ᠠ᠃ ᠮᠤᠩᠭᠤᠯᠴᠤᠤᠨ ᠤᠨ ᠨᠤᠳᠤᠭ ᠶᠠᠭᠠᠬᠢᠬᠰᠠᠠ ᠥᠷᠬᠡᠨ ᠠᠭᠤᠳᠠᠮ ᠪᠤᠢ︖ᠡᠨᠠ ᠰᠠᠶᠢᠬᠠᠨ ᠮᠤᠩᠭᠤᠯ ᠤᠷᠤᠨ ᠢᠶᠠᠨ ᠬᠡᠨ ᠬᠠᠶᠢᠷᠠᠯᠠᠬᠤ ᠦᠭᠡᠢ ᠪᠤᠢ︖ ᠡᠨᠠ ᠰᠠᠶᠢᠬᠠᠨ ᠮᠤᠩᠭᠤᠯ ᠤᠷᠤᠨ ᠳᠠᠭᠠᠨ ᠬᠡᠨ ᠬᠤᠷᠭᠤᠳᠠᠬᠤ ᠦᠭᠡᠢ ᠪᠤᠢ︖      ᠪᠤᠷᠨᠠᠢ ᠴᠢᠨ ᠸᠠᠩ ᠡᠪᠴᠢᠭᠦᠦ ᠲᠥᠬᠦᠷᠠᠩ ᠬᠠᠶᠢᠷ᠎ᠠ ᠬᠤᠷᠤᠰᠤᠯ ᠲᠠᠢ᠂ ᠨᠢᠳᠤ ᠲᠥᠬᠦᠷᠠᠩ ᠴᠢᠰᠤ ᠨᠢᠯᠪᠤᠰᠤ ᠲᠠᠢ᠂ ᠤᠨᠤᠭᠰᠠᠨ ᠬᠦᠯᠦᠭ ᠤᠨ ᠢᠶᠠᠨ ᠠᠯᠳᠠᠨ ᠡᠮᠠᠬᠡᠯ ᠢ ᠠᠪᠴᠤ᠂ ᠬᠠᠶᠢᠷᠠᠳᠤ ᠮᠤᠩᠭᠤᠯ ᠤᠷᠤᠨ ᠤ ᠪᠠᠨ ᠬᠠᠯᠠᠭᠤᠨ ᠬᠦᠷᠤᠰᠤ᠂ ᠬᠦᠯ ᠠᠮᠠᠷᠠᠬᠰᠠᠠ ᠲᠠᠷᠨ ᠴᠢᠭ ᠲᠡᠭᠡᠨ ᠪᠤᠯᠠᠵᠤ ᠲᠠᠯᠪᠢᠭᠠᠤᠨ᠂ ᠠᠮᠢ ᠨᠠᠰᠤᠨ ᠤ ᠠᠶᠤᠯ ᠲᠥᠭᠰᠢᠬᠦᠷᠢ ᠲᠠᠢ ᠥᠶ᠎ᠠ ᠳᠤ ︽ᠮᠤᠬᠤᠷ ᠵᠠᠪᠠ ᠪᠠᠷ ᠬᠠᠷᠪᠤᠵᠤ︾᠂ ︽ᠠᠬᠳᠠ ᠮᠤᠷᠢ ᠪᠠᠯᠡᠭᠯᠠᠵᠤ︾ ᠠᠴᠢ ᠲᠤᠰᠨ ᠬᠦᠷᠬᠡᠨ᠂ ᠠᠪᠤᠷᠠᠵᠤ ᠬᠠᠮᠠᠭᠠᠯᠠᠵᠤ ᠶᠠᠪᠤᠬᠰᠠᠠ ᠵᠠᠷᠤᠤᠨ ᠲᠥᠮᠠᠨ ᠳᠡᠭᠡᠨ ᠬᠦᠨ ᠲᠠᠯᠠᠷᠬᠠᠯ ᠪᠤᠯᠭᠠᠬᠰᠠᠠ ᠬᠡᠨ᠎ᠠ᠃ ᠡᠶᠢᠮᠤ ᠠᠴᠠ ︽ᠠᠯᠳᠠᠨ ᠡᠮᠠᠬᠡᠯ︾ ᠬᠡᠮᠠᠬᠦ ᠨᠢᠬᠡᠨ ᠰᠠᠶᠢᠬᠠᠨ ᠭᠠᠵᠠᠷ ᠤᠰᠤᠨ ᠤ ᠨᠠᠷ᠎ᠠ ᠨᠠᠷᠠᠶᠢᠳᠤᠯ ᠪᠤᠢ ᠪᠤᠯᠵᠤ᠂ ᠥᠯᠢᠬᠡᠷ ᠲᠤᠮᠤᠭ ᠢᠶᠠᠨ ᠬᠠᠭᠤᠴᠢᠯᠠᠭᠰᠠᠭᠠᠷ ᠬᠤᠵᠢᠮ ᠤᠨ ᠬᠦᠮᠤᠰ ᠲᠤ ᠥᠶ᠎ᠠ ᠤᠯᠠᠷᠢᠨ ᠲᠠᠭᠤᠳᠠᠬᠳᠠᠬᠰᠠᠭᠠᠷ ᠪᠢᠯᠨ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号