ᠡᠵᠢ ᠮᠢᠨᠢ ᠲᠡᠷᠬᠡᠳᠡ ᠪᠠᠶᠢᠭ᠎ᠠ ᠪᠤᠯ | ᠵᠣᠬᠢᠶᠠᠭᠴᠢ᠄ ᠲᠡᠷᠬᠡᠯ | ᠨᠢᠳᠤᠨᠤᠨ᠂ ᠡᠪᠤᠯ ᠤᠨ ᠠᠮᠠᠷᠠᠯᠳᠠ ᠪᠠᠷ ᠪᠢ ᠬᠡᠷ ᠲᠡᠭᠡᠨ ᠬᠠᠷᠢᠵᠤ ᠬᠠᠭᠠᠰ ᠰᠠᠷ᠎ᠠ ᠰᠠᠭᠤᠪᠠ᠃ ᠡᠬᠦᠨ ᠠᠴᠠ | ᠡᠮᠤᠨ᠎ᠡ ᠪᠠᠷᠤᠭ ᠨᠢᠬᠡ ᠵᠢᠯ ᠬᠡᠷ ᠲᠡᠭᠡᠨ ᠬᠠᠷᠢᠭᠰᠠᠨ ᠥᠬᠡᠢ᠃ ᠲᠡᠬᠡᠬᠡᠤᠨ ᠬᠡᠷ ᠲᠡᠭᠡᠨ ᠬᠠᠷᠢᠵᠤ ᠡᠬᠦᠳᠡ | ᠲᠤᠭᠰᠢᠬᠤ ᠶᠢᠨ ᠲᠠᠭᠠᠤ ᠡᠵᠢ ᠮᠢᠨᠢ ᠨᠢᠭᠤᠷ ᠲᠥᠬᠦᠷᠡᠩ ᠢᠨᠢᠶᠡᠳᠤ ᠪᠢᠯᠬᠠᠨ ᠨᠠᠮᠠᠶᠢ ᠲᠤᠰᠬᠤ ᠪᠠᠷ ᠭᠠᠷᠴᠤ ᠢᠷᠡᠪᠡ᠃ | ᠭᠠᠯᠳᠤ ᠲᠡᠷᠬᠡᠨ ᠲᠡᠬᠡᠷ᠎ᠡ ᠪᠠᠶᠢᠬᠤ ᠳᠠᠭᠠᠨ ᠪᠢ ᠡᠵᠢ ᠲᠠᠢ ᠪᠠᠨ ᠠᠭᠤᠯᠵᠠᠬᠤ ᠲᠥᠷᠢ ᠪᠠᠶᠢᠳᠠᠯ ᠤᠨ ᠲᠤᠬᠠᠢ ᠬᠡᠴᠢᠨᠡᠨ | ᠤᠯᠠᠨ ᠲᠥᠰᠤᠬᠡᠯᠡᠨ ᠪᠤᠳᠤᠭᠰᠠᠨ ᠢ ᠪᠤᠤ ᠮᠡᠳᠡ᠂ ᠬᠡᠳᠡᠯ᠎ᠠ ᠡᠨᠡ ᠴᠠᠭ ᠮᠥᠴᠡ ᠬᠥᠷᠤᠬᠡᠤᠨ ᠢᠷᠡᠬᠦ ᠳᠤᠨᠢ ᠬᠠᠷᠢᠨ | ᠭᠠᠭᠴᠠ ᠨᠢᠬᠡ ᠥᠬᠡ ᠶᠢ ᠴᠤ ᠰᠢᠬᠠᠨ ᠭᠠᠷᠭᠠᠵᠤ ᠴᠢᠳᠠᠭᠰᠠᠨ ᠥᠬᠡᠢ᠃ ᠡᠵᠢ ᠬᠠᠷᠢᠨ᠄ ︽ᠮᠢᠨᠤ ᠬᠡᠤᠬᠡᠨ ᠶᠠᠮᠠᠷ | ᠢᠴᠢᠮᠡᠳᠡᠬᠡᠢ ᠪᠤᠯᠴᠢᠬᠠᠭᠰᠠᠨ ᠪᠤᠢ︖ ᠥᠬᠡ ᠲᠠᠭᠤ ᠴᠤ ᠴᠥᠬᠡᠨ ᠪᠤᠯᠵᠤ ᠯᠠᠪᠳᠠᠭᠤᠨ ᠲᠤᠮᠤ ᠬᠡᠤᠬᠡᠨ ᠪᠤᠯᠴᠢᠬᠠᠯ᠎ᠠ | ︾ ᠬᠡᠮᠡᠨ ᠢᠨᠢᠶᠡᠮᠰᠦᠭᠯᠡᠬᠡᠤᠨ ᠮᠢᠨᠤ ᠶᠠᠭᠤᠮ᠎ᠠ ᠬᠡᠤᠮ᠎ᠡ ᠶᠢ ᠪᠠᠶᠢᠷᠢᠯᠠᠭᠤᠯᠵᠤ ᠲᠠᠯᠪᠢᠨ᠎ᠠ᠃ ᠲᠡᠷᠡ ᠬᠦ ᠭᠱᠠᠨ ᠳᠤ ᠪᠢ | ᠡᠵᠢ ᠶᠢᠨ ᠢᠶᠠᠨ ᠨᠢᠭᠤᠷ ᠴᠢᠷᠠᠢ ᠳᠤᠨᠢ ᠠᠪᠠᠷᠢᠨ ᠭᠠᠷᠤᠭᠰᠠᠨ ᠥᠷᠴᠢᠯᠡᠬᠡᠰᠤ᠂ ᠵᠠᠵᠢᠨ ᠥᠰᠤᠨ ᠳᠤᠨᠢ ᠮᠥᠡᠭᠭᠦᠨ | ᠬᠢᠷᠠᠭᠤ ᠤᠨᠠᠭᠰᠠᠨ ᠬᠥᠬᠡᠷᠤᠬᠦᠢ ᠲᠥᠷᠢ ᠶᠢ ᠨᠢ ᠰᠡᠮᠬᠡᠨ ᠤᠯᠵᠤ ᠬᠠᠷᠠᠭᠠᠤᠨ ᠶᠠᠭᠤ ᠴᠤ ᠲᠤᠤᠭᠠᠷᠴᠤ ᠴᠢᠳᠠᠭᠰᠠᠨ | ᠥᠬᠡᠢ᠂ ᠪᠤᠳᠤᠯ ᠤᠨ ᠬᠥᠨ ᠬᠥᠪ ᠲᠤ ᠤᠨᠠᠭᠰᠠᠨ ᠪᠢᠯᠠ᠃ ᠥᠡᠭᠭᠡᠷᠡᠬᠦ ᠤᠨ ᠵᠢᠯ ᠤᠳ ᠬᠡᠵᠤ ᠶᠡᠷᠤ ᠨᠢ | ᠲᠤᠭᠤᠰᠤᠳᠤ ᠶᠢᠷᠳᠢᠨᠴᠤ ᠳᠤ ᠬᠠᠶᠢᠷ᠎ᠠ ᠨᠠᠶᠢᠷ ᠥᠬᠡᠢ ᠪᠠᠶᠢᠳᠠᠭ᠃ ᠥᠷ᠎ᠠ ᠬᠡᠤᠬᠡᠤᠨ ᠤᠨ ᠢᠶᠠᠨ ᠥᠰᠴᠤ | ᠲᠤᠮᠤᠭᠠᠵᠢᠬᠤ ᠶᠢ ᠲᠠᠭᠠᠯᠳᠤᠨ ᠡᠵᠢ ᠮᠢᠨᠢ ᠡᠳᠤᠷ ᠠᠴᠠ ᠡᠳᠤᠷ ᠥᠳᠡᠯᠵᠤ ᠬᠥᠭᠰᠢᠷᠡᠵᠤ ᠡᠬᠢᠯᠡᠵᠡᠢ᠃ | ᠬᠥᠬᠡᠷᠤᠬᠦᠢ ᠡᠵᠢ ᠮᠢᠨᠢ ᠮᠢᠨᠤ ᠲᠥᠯᠤᠬᠡ ᠯᠠ ᠰᠠᠨᠠᠭᠠᠰᠢᠷᠠᠨ᠎ᠠ᠃ ᠨᠠᠮᠠᠶᠢ ᠬᠡᠷ ᠲᠡᠭᠡᠨ ᠬᠠᠷᠢᠵᠤ ᠢᠷᠡᠭᠰᠡᠨ ᠳᠤ | ᠪᠠᠶᠠᠷᠯᠠᠵᠤ ᠪᠠᠶᠢᠪᠠᠴᠤ ᠰᠤᠷᠭᠠᠭᠤᠯᠢ ᠲᠡᠬᠦᠰᠦᠭᠰᠡᠨ ᠤ ᠲᠠᠷᠠᠭᠠᠬᠢ ᠠᠵᠢᠯ ᠠᠮᠢᠳᠤᠷᠠᠯ ᠤᠨ ᠲᠤᠬᠠᠢ ᠰᠠᠨᠠᠭᠠᠰᠢᠷᠠᠵᠤ | ᠰᠠᠭᠤᠨ᠎ᠠ᠃ ᠡᠵᠢ ᠶᠢᠨ ᠮᠢᠨᠢ ᠬᠠᠮᠳᠤ ᠠᠵᠢᠯᠯᠠᠭᠰᠠᠤᠨ ᠤᠨ ᠬᠢᠨ ᠬᠡᠤᠬᠡᠤᠨ ᠨᠢ ᠰᠤᠷᠭᠠᠭᠤᠯᠢ ᠲᠡᠬᠦᠰᠤᠬᠡᠤᠨ | ᠥᠷᠬᠦᠯᠵᠢᠯᠡᠨ ᠠᠰᠫᠢᠷᠠᠨᠲ ᠳ᠋ᠤᠺᠲ᠋ᠤᠷ ᠰᠢᠯᠭᠠᠭᠤᠯᠤᠭᠰᠠᠨ᠂ ᠭᠠᠳᠠᠭᠠᠳᠤ ᠳᠤ ᠰᠤᠷᠤᠯᠴᠠᠬᠤ ᠪᠠᠷ ᠭᠠᠷᠤᠭᠰᠠᠨ᠂ | ᠠᠯᠪᠠᠳᠠᠨ ᠰᠢᠯᠭᠠᠭᠤᠯᠵᠤ ᠨᠤᠳᠤᠭ ᠲᠠᠭᠠᠨ ᠰᠠᠶᠢᠨ ᠪᠠᠶᠢᠭᠤᠯᠭ᠎ᠠ ᠨᠢᠬᠡᠴᠢ ᠳᠤ ᠠᠵᠢᠯᠯᠠᠭᠰᠠᠨ ᠵᠡᠷᠬᠡ ᠪᠤᠰᠤᠤᠨ ᠤᠨ | ᠬᠡᠤᠬᠡᠤᠨ ᠤᠨ ᠰᠠᠶᠢᠨ ᠴᠢᠮᠡᠭᠡ ᠶᠢ ᠰᠤᠨᠤᠰᠬᠤ ᠪᠤᠯᠭᠠᠨ ᠥᠪᠡᠷ ᠤᠨ ᠬᠡᠤᠬᠡᠤᠨ ᠤᠨ ᠢᠶᠠᠨ ᠲᠥᠯᠤᠬᠡ ᠪᠤᠳᠤᠯᠭᠠᠰᠢᠷᠠᠵᠤ | ᠂ ᠥᠴᠤᠬᠡᠨ ᠴᠤ ᠬᠡᠰᠡᠨ ᠶᠠᠮᠠᠷ ᠨᠢᠬᠡ ᠲᠠᠯ᠎ᠠ ᠪᠠᠷ ᠬᠠᠪᠰᠤᠷᠤᠮᠵᠢ ᠥᠵᠡᠬᠦᠯᠬᠦ ᠬᠡᠵᠤ ᠴᠢᠷᠮᠠᠶᠢᠨ᠎ᠠ᠃ ᠡᠳᠤᠷ ᠪᠥᠷᠢ | ᠰᠥᠯᠵᠢᠶ᠎ᠠ ᠠᠴᠠ ᠨᠤᠳᠤᠭ ᠤᠨ ᠪᠠᠶᠢᠭᠤᠯᠭ᠎ᠠ ᠨᠢᠬᠡᠴᠢ ᠶᠢᠨ ᠰᠢᠯᠭᠠᠯᠳᠠ ᠶᠢᠨ ᠰᠤᠷᠠᠭ ᠵᠠᠩᠭᠢ ᠨᠤᠭᠤᠳ ᠠᠴᠠ | ᠰᠢᠯᠢᠯᠳᠠ ᠬᠢᠵᠤ ᠨᠠᠳᠠᠳᠤ ᠲᠠᠮᠵᠢᠭᠤᠯᠤᠨ᠎ᠠ᠃ ᠬᠡᠪᠡᠴᠤ ᠮᠢᠨᠤ ᠰᠡᠳᠬᠢᠯ ᠲᠡᠨᠳᠡ ᠥᠬᠡᠢ ᠤᠴᠢᠷ ᠠᠴᠠ ᠪᠢ᠄ ︽ᠵᠠ | ᠮᠡᠳᠡᠯ᠎ᠠ᠂ ᠪᠢ ᠪᠤᠳᠤᠯᠬᠢᠯᠠᠵᠤ ᠥᠵᠡᠶ᠎ᠡ︾ ᠬᠡᠮᠡᠨ ᠬᠠᠰᠢ ᠶᠠᠰᠢ ᠪᠠᠷ ᠬᠠᠷᠢᠭᠤᠯᠳᠠᠭ ᠪᠠᠶᠢᠯ᠎ᠠ᠃ | ᠲᠡᠬᠦᠰᠬᠦ ᠤᠯᠠᠷᠢᠯ ᠪᠤᠯᠵᠤᠭᠠᠨ ᠳᠠᠭᠠᠨ ᠢᠷᠡᠭᠦ ᠬᠡᠮᠡᠷ ᠤᠶᠢᠢᠷᠠᠳᠠᠯᠠ᠃ ᠵᠠᠯᠠᠭᠤ ᠥᠶ᠎ᠡ ᠶᠢᠨ ᠬᠢᠨ | ᠤᠨᠴᠠᠯᠠᠭᠳᠠᠬᠤ ᠤᠮᠤᠭ ᠰᠥᠷ ᠤᠷᠬᠢᠯᠤᠮ᠎ᠠ ᠵᠤᠷᠢᠭ ᠤᠨ ᠤᠷᠮᠠᠰᠢᠭᠤᠯᠤᠯ ᠲᠤᠤᠷ᠎ᠠ᠂ ᠪᠢ ᠡᠷᠡᠬᠡᠯᠵᠡᠯ ᠥᠬᠡᠢ ᠪᠠᠷ | ᠬᠤᠳᠠ ᠳᠤ ᠥᠯᠡᠳᠡᠵᠤ ᠥᠷᠬᠦᠯᠵᠢᠯᠡᠨ ᠴᠢᠷᠮᠠᠶᠢᠬᠤ ᠰᠢᠢᠳᠪᠤᠷᠢ ᠭᠠᠷᠭᠠᠪᠠ᠃ ᠬᠡᠪᠡᠴᠤ᠂ ᠠᠯᠪᠠᠳᠠᠨ ᠰᠢᠯᠭᠠᠭᠤᠯᠵᠤ | ᠨᠤᠳᠤᠭ ᠲᠠᠭᠠᠨ ᠬᠠᠷᠢᠵᠤ ᠠᠮᠤᠭᠤᠯᠠᠩ ᠲᠤᠭᠳᠠᠭᠤᠨ ᠠᠮᠢᠳᠤᠷᠠᠯ ᠢ ᠬᠥᠬᠡᠬᠡᠴᠡᠯᠳᠤᠭᠦ ᠨᠢ ᠬᠠᠮᠤᠭ ᠤᠨ ᠯᠠᠪᠳᠠᠭᠤᠨ | ᠰᠤᠩᠭᠤᠯᠳᠠ ᠪᠤᠯᠵᠤ᠂ ᠨᠡᠩ ᠴᠢᠨᠠᠭᠰᠢᠯᠠᠪᠠᠯ ᠨᠡᠶᠢᠬᠡᠮ ᠤᠨ ᠤᠷᠤᠰᠬᠠᠯ ᠮᠡᠳᠤ ᠪᠤᠯᠵᠤ ᠪᠠᠶᠢᠭ᠎ᠠ ᠥᠶ᠎ᠡ ᠳᠤ᠂ ᠮᠢᠨᠤ | ᠡᠨᠡ ᠬᠦ ᠰᠢᠢᠳᠪᠤᠷᠢ ᠬᠠᠷᠢᠨ ᠴᠠᠭ ᠥᠶ᠎ᠡ ᠠᠴᠠ ᠲᠡᠷᠰᠯᠡᠭᠰᠡᠨ ᠶᠡᠷᠤ ᠪᠤᠰᠤ ᠶᠢᠨ ᠤᠷᠤᠰᠢᠬᠤᠢ ᠪᠤᠯᠤᠭᠰᠠᠨ ᠰᠢᠬ | ᠰᠠᠨᠠᠭᠳᠠᠨ᠎ᠠ᠃ ᠡᠨᠡ ᠯᠠ ᠶᠠᠭᠤ ᠴᠤ ᠪᠠᠶᠢᠬᠤᠪ ᠳ᠋ᠠ᠃ ᠬᠥᠮᠤᠨ ᠤ ᠶᠠᠷᠢᠶ᠎ᠠ ᠬᠡᠯᠡᠯᠴᠡᠭᠡ ᠨᠡᠶᠢᠬᠡᠮ ᠤᠨ ᠤᠷᠤᠰᠬᠠᠯ | ᠨᠠᠳᠠᠳᠤ ᠠᠪᠴᠤ ᠬᠡᠯᠡᠪᠡᠯ ᠶᠠᠮᠠᠷ ᠴᠤ ᠨᠥᠯᠤᠬᠡ ᠪᠤᠯᠬᠤ ᠥᠬᠡᠢ᠂ ᠰᠢᠭᠤᠳᠤᠭᠰᠠᠨ ᠵᠤᠷᠢᠭ ᠢ ᠮᠢᠨᠢ ᠬᠡᠨ ᠴᠤ | ᠭᠤᠶᠢᠪᠢᠯᠵᠠᠭᠤᠯᠵᠤ ᠴᠢᠳᠠᠬᠤ ᠥᠬᠡᠢ ᠬᠡᠵᠤ ᠯᠠ ᠪᠢ ᠬᠤᠪᠢᠨ ᠳᠠᠭᠠᠨ ᠪᠤᠳᠤᠨ᠎ᠠ᠃ ᠬᠡᠬᠦ ᠳᠤ ᠰᠡᠳᠬᠢᠯ ᠤᠨ | ᠬᠥᠨ ᠳᠤ ᠲᠥᠬᠡᠷᠢᠭᠳᠡᠯ ᠰᠠᠨᠠᠭᠠᠰᠢᠷᠠᠯ ᠪᠤᠯᠵᠤ ᠪᠠᠶᠢᠭ᠎ᠠ ᠨᠢ ᠬᠠᠷᠢᠨ ᠬᠤᠷ᠊ ᠣᠠ᠋ ᠶᠢᠨ ᠬᠠᠮᠤᠭ ᠤᠨ ᠡᠨᠡᠷᠢᠩᠭᠦᠢ | ᠡᠵᠢ ᠶᠢᠨ ᠮᠢᠨᠢ ᠬᠤᠤᠰ ᠮᠡᠯᠮᠡᠢ᠂ ᠬᠤᠷ᠊ ᠣᠠ᠋ ᠶᠢᠨ ᠬᠠᠮᠤᠭ ᠤᠨ ᠵᠥᠬᠡᠯᠡᠨ ᠡᠵᠢ ᠶᠢᠨ ᠮᠢᠨᠢ ᠵᠢᠷᠤᠬᠡ ᠰᠡᠳᠬᠢᠯ | ᠪᠤᠯᠤᠨ᠎ᠠ᠃ | ︽ᠮᠢᠨᠤ ᠬᠡᠤᠬᠡᠨ ᠬᠤᠭᠤᠯᠠ ᠪᠠᠨ ᠴᠠᠭ ᠲᠠᠭᠠᠨ ᠢᠳᠡᠬᠡᠷᠡᠢ᠂ ᠵᠢᠮᠢᠰ ᠢᠯᠡᠬᠦᠬᠡᠨ ᠢᠳᠡᠵᠤ ᠪᠠᠶᠢᠭᠠᠷᠠᠢ᠂ | ᠪᠡᠶ᠎ᠡ ᠳᠤ ᠴᠢᠨᠢ ᠰᠢᠮ᠎ᠠ ᠲᠡᠵᠢᠬᠡᠯ ᠬᠠᠨᠭ᠍ᠭᠠᠵᠤ ᠥᠭᠳᠡᠭ ᠰᠢᠤ ᠁︾ | ︽ᠬᠡᠤᠬᠡ ᠡ᠂ ᠬᠡᠷ ᠤᠨ ᠢᠶᠠᠨ ᠲᠥᠯᠤᠬᠡ ᠰᠠᠨᠠᠭᠠᠰᠢᠷᠠᠭᠰᠠᠨ ᠤ ᠬᠡᠷᠡᠭ ᠥᠬᠡᠢ︕ ᠡᠵᠢ ᠴᠢᠨᠢ ᠪᠠᠶᠢᠪᠠᠯ | ᠲᠡᠷᠡ ᠪᠥᠬᠦᠨ ᠢ ᠰᠠᠶᠢᠳᠤᠷ ᠲᠥᠪᠬᠢᠨᠡᠬᠦᠯᠴᠢᠬᠡᠨᠡ ᠰᠢᠤ᠂ ᠮᠢᠨᠤ ᠬᠡᠤᠬᠡᠨ ᠰᠤᠷᠤᠯᠭ᠎ᠠ ᠳᠠᠭᠠᠨ ᠢᠯᠡᠬᠦᠬᠡᠨ ᠬᠥᠴᠤ | ᠤᠷᠤᠭᠤᠯᠵᠤ ᠪᠠᠢ ᠁︾ | ︽ᠬᠡᠤᠬᠡ ᠡ᠂ ᠡᠵᠢ ᠨᠢ ᠰᠠᠶ᠋ᠢᠬᠠᠨ ᠴᠢᠮ᠎ᠠ ᠳᠤ ᠵᠤᠭᠤᠰ ᠢᠯᠡᠬᠡᠭᠰᠡᠨ ᠰᠢᠤ᠂ ᠴᠢ ᠪᠠᠩᠭᠢ ᠶᠢᠨ ᠺᠠᠷᠲ ᠢᠶᠠᠨ | ᠥᠵᠡᠬᠡᠷᠡᠢ ᠁︾ | ︽ᠮᠢᠨᠤ ᠬᠡᠤᠬᠡᠨ ᠬᠡᠷ ᠲᠡᠭᠡᠨ ᠬᠠᠷᠢᠬᠤ ᠲᠡᠷᠬᠡᠨ ᠪᠢᠯᠧᠲ ᠢᠶᠠᠨ ᠬᠤᠷᠳᠤᠬᠠᠨ ᠠᠪᠤᠭᠠᠷᠠᠢ᠂ ᠬᠡᠳᠤᠢ ᠳᠤ | ᠬᠠᠷᠢᠵᠤ ᠢᠷᠡᠭᠦ ᠪᠤᠢ︖ ᠡᠵᠢ ᠨᠢ ᠠᠮᠳᠠᠳᠠᠢ ᠬᠤᠭᠤᠯᠠ ᠪᠡᠯᠡᠳᠬᠡᠵᠤ ᠬᠡᠤᠬᠡᠨ ᠢᠶᠠᠨ ᠲᠤᠰᠬᠤ ᠪᠠᠷ ᠤᠴᠢᠶ᠎ᠠ︕︾ | ᠬᠡᠬᠦ ᠮᠡᠳᠤ ᠶᠢᠨ ᠤᠳᠠᠰᠤᠨ ᠴᠠᠭᠠᠨ᠎ᠠ ᠠᠴᠠ ᠲᠤᠭᠤᠯᠳᠠᠭᠰᠠᠨ ᠡᠵᠢ ᠶᠢᠨ ᠮᠢᠨᠢ ᠤᠶᠠᠬᠠᠨ ᠬᠤᠭᠤᠯᠠᠢ ᠤᠶᠠᠷᠠᠭᠤᠨ | ᠥᠬᠡ ᠨᠢ ᠰᠤᠷᠭᠠᠭᠤᠯᠢ ᠨᠤᠮ ᠤᠨ ᠮᠥᠷ ᠬᠥᠬᠡᠬᠡᠵᠤ ᠶᠠᠪᠤᠭᠰᠠᠨ ᠠᠷᠪᠠᠭᠠᠤᠨ ᠵᠢᠯ ᠤᠨ ᠲᠤᠷᠰᠢ ᠳᠤ ᠮᠢᠨᠤ | ᠰᠡᠳᠬᠢᠯ ᠳᠤ ᠬᠡᠵᠢᠶᠡᠳᠡ ᠲᠤᠯᠠᠭᠠᠬᠠᠨ᠃ | ᠨᠢᠯᠬ᠎ᠠ ᠪᠠᠭ᠎ᠠ ᠠᠴᠠ ᠪᠠᠨ ᠡᠷᠳᠡᠮ ᠨᠤᠮ ᠰᠤᠷᠬᠤ ᠬᠡᠤᠨ ᠤᠨᠠᠭᠰᠠᠨ ᠰᠢᠷᠤᠢ ᠤᠤᠭᠤᠭᠰᠠᠨ | ᠤᠰᠤᠨ ᠠᠴᠠ ᠪᠠᠨ ᠰᠠᠯᠵᠤ ᠬᠠᠷᠢ ᠨᠤᠳᠤᠭ ᠤᠨ ᠥᠷᠤᠴᠡ ᠴᠡᠬᠡᠵᠢᠨ ᠳᠤ ᠬᠡᠴᠢᠨᠡᠨ ᠤᠳᠠᠭ᠎ᠠ ᠡᠵᠢ ᠮᠢᠨᠢ ᠲᠡᠷᠬᠡᠳᠡ | ᠪᠠᠶᠢᠭ᠎ᠠ ᠪᠠᠶᠢᠳᠠᠯ ᠢ ᠵᠢᠷᠤᠭᠯᠠᠭᠰᠠᠭᠠᠷ ᠢᠷᠡᠭᠰᠡᠨ ᠶᠤᠮ ᠡ᠂ ᠶᠠᠭ ᠯᠠ ᠤ · ᠯᠾᠬᠠᠪᠠᠰᠦ᠋ᠷᠦᠩ ᠤᠨ | ᠰᠢᠯᠦᠭ ᠢᠶᠠᠷ ᠢᠶᠠᠨ ᠢᠯᠡᠳᠬᠡᠭᠰᠡᠨ ᠰᠢᠭ ᠢᠶᠠᠷ᠄ | ︽ᠡᠵᠢ ᠮᠢᠨᠢ ᠲᠡᠷᠬᠡᠳᠡ ᠪᠠᠶᠢᠬᠤ ᠳᠤ | ᠬᠠᠪᠤᠷ ᠤᠨ ᠰᠢᠪᠠᠭᠤᠤᠨ ᠴᠠᠭ ᠠᠴᠠ ᠪᠠᠨ ᠡᠷᠳᠡ ᠢᠷᠡᠳᠡᠭ | ᠬᠠᠷᠠᠵᠠᠨ ᠤ ᠤᠰᠤ ᠨᠢ ᠭᠤᠤᠯ ᠠᠴᠠ ᠪᠠᠨ ᠡᠬᠢᠯᠡᠵᠤ ᠬᠡᠰᠳᠡᠭ | ᠡᠵᠢ ᠮᠢᠨᠢ ᠲᠡᠷᠬᠡᠳᠡ ᠪᠠᠶᠢᠭ᠎ᠠ ᠪᠤᠯᠬᠤᠷ | ᠡᠵᠢ ᠮᠢᠨᠢ ᠲᠡᠷᠬᠡᠳᠡ ᠪᠠᠶᠢᠬᠤ ᠳᠤ | ᠲᠡᠭᠷᠢ ᠶᠢᠨ ᠤᠳᠤᠤᠨ ᠨᠠᠭᠤᠷ ᠲᠤ ᠡᠷᠬᠢᠯᠳᠤᠳᠡᠭ | ᠲᠡᠷᠬᠡᠯ ᠰᠠᠷᠠᠨ ᠬᠡᠷ ᠤᠨ ᠬᠠᠶᠠᠭᠠᠨ ᠳᠤ ᠬᠤᠨᠤᠳᠠᠭ | ᠡᠵᠢ ᠮᠢᠨᠢ ᠲᠡᠷᠬᠡᠳᠡ ᠪᠠᠶᠢᠭ᠎ᠠ ᠪᠤᠯᠬᠤᠷ | ᠡᠵᠢ ᠮᠢᠨᠢ ᠲᠡᠷᠬᠡᠳᠡ ᠪᠠᠶᠢᠬᠤ ᠳᠤ | ᠴᠡᠯᠮᠡᠭ ᠲᠡᠭᠷᠢ ᠵᠤᠯᠠᠢ ᠥᠨᠤᠰᠴᠤ | ᠴᠡᠴᠡᠭ ᠪᠥᠬᠦᠨ ᠥᠬᠡᠳᠡ ᠠᠴᠠ ᠢᠨᠢᠶᠡᠳᠡᠭ | ᠡᠵᠢ ᠮᠢᠨᠢ ᠲᠡᠷᠬᠡᠳᠡ ᠪᠠᠶᠢᠭ᠎ᠠ ᠪᠤᠯᠬᠤᠷ | ᠵᠢᠷᠭᠠᠯ ᠨᠠᠳᠠ ᠲᠠᠢ ᠬᠥᠬᠡᠬᠡᠴᠡᠯᠳᠤᠨ ᠲᠤᠭᠯᠠᠳᠠᠭ | ᠡᠵᠢ ᠮᠢᠨᠢ ᠲᠡᠷᠬᠡᠳᠡ ᠪᠠᠶᠢᠭ᠎ᠠ ᠪᠤᠯᠬᠤᠷ | ᠡᠵᠢ ᠶᠢᠨ ᠬᠠᠶᠢᠷ᠎ᠠ ᠶᠢᠨ ᠬᠤᠶᠢᠮᠤᠷ ᠲᠤ ᠨᠠᠷᠠᠨ ᠮᠠᠨᠳᠤᠨ᠎ᠠ | ᠡᠵᠢ ᠶᠢᠨ ᠰᠡᠳᠬᠢᠯ ᠤᠨ ᠬᠡᠶᠢᠮᠤᠷᠢ ᠳᠤᠨᠢ ᠰᠡᠳᠬᠢᠯ ᠪᠠᠳᠠᠷᠠᠨ᠎ᠠ | ᠡᠵᠢ ᠶᠢᠨ ᠢᠶᠠᠨ ᠲᠡᠷᠬᠡᠳᠡ ᠪᠠᠶᠢᠬᠤ ᠳᠤ ᠰᠦ ᠥᠨᠤᠷᠳᠤᠨᠡ | ᠡᠵᠢ ᠶᠢᠨ ᠢᠶᠠᠨ ᠲᠡᠷᠬᠡᠳᠡ ᠪᠠᠶᠢᠬᠤ ᠳᠤ ᠰᠥᠯᠳᠡ ᠮᠢᠨᠢ ᠰᠡᠷᠬᠦᠨᠡ︾ | ᠪᠢ ᠡᠵᠢ ᠳᠡᠭᠡᠨ ᠬᠤᠳᠠ ᠳᠤ ᠥᠯᠡᠳᠡᠭᠦ ᠰᠢᠢᠳᠪᠤᠷᠢ ᠪᠠᠨ ᠶᠠᠷᠢᠬᠤ ᠠᠴᠠ ᠪᠠᠨ ᠡᠷᠡᠬᠡᠯᠵᠡᠨᠡ᠃ ᠰᠤᠷᠭᠠᠭᠤᠯᠢ | ᠲᠡᠬᠦᠰᠬᠦ ᠶᠢ ᠬᠥᠯᠢᠶᠡᠭᠰᠡᠨ ︽ᠬᠡᠤᠬᠡᠨ ᠮᠢᠨᠢ ᠲᠡᠷᠬᠡᠳᠡ ᠪᠤᠯᠤᠯ᠎ᠠ︾ ᠬᠡᠰᠡᠨ ᠡᠵᠢ ᠶᠢᠨ ᠬᠠᠯᠠᠭᠤᠨ ᠰᠡᠳᠬᠢᠯ ᠳᠤ᠂ ᠪᠢ | ᠥᠷᠬᠦᠯᠵᠢᠯᠡᠨ ᠬᠡᠷ ᠠᠴᠠ ᠪᠠᠨ ᠬᠤᠯᠠ ᠴᠢᠷᠮᠠᠶᠢᠨ ᠠᠵᠢᠯᠯᠠᠵᠤ ᠰᠤᠷᠤᠯᠴᠠᠬᠤ ᠲᠤᠬᠠᠢ ᠰᠢᠢᠳᠪᠤᠷᠢ ᠪᠠᠨ ᠬᠡᠷᠬᠢᠨ | ᠲᠡᠯᠬᠡᠨ ᠶᠠᠷᠢᠬᠤ ᠪᠢᠯᠠ︖ ᠪᠠᠭ᠎ᠠ ᠳᠠᠭᠠᠨ ᠨᠤᠮ ᠪᠢᠴᠢᠭ ᠡᠬᠢᠯᠡᠵᠤ ᠰᠤᠷᠤᠭᠰᠠᠨ ᠴᠠᠭ ᠠᠴᠠ᠂ ᠡᠵᠢ ᠶᠢᠨ ᠢᠶᠠᠨ | ᠬᠥᠮᠤᠨ ᠪᠤᠯᠭᠠᠭᠰᠠᠨ ᠠᠴᠢ ᠶᠢ ᠰᠢᠬᠦᠳᠡᠷᠢ ᠶᠢᠨ ᠤᠰᠤ ᠪᠠᠷ ᠴᠠᠢ ᠴᠢᠨᠠᠭᠰᠠᠨ ᠴᠤ ᠬᠠᠷᠢᠭᠤᠯᠵᠤ ᠥᠯᠤ ᠴᠢᠳᠠᠨ᠎ᠠ | ᠬᠡᠮᠡᠨ ᠤᠡᠭᠰᠢᠵᠤ ᠯᠠ ᠪᠠᠶᠢᠭᠰᠠᠨ ᠪᠢ ᠴᠢᠨᠢ ᠤᠳᠤ ᠬᠥᠮᠤᠨ ᠪᠤᠯᠵᠤ ᠥᠰᠦᠭᠰᠡᠨ ᠬᠤᠶᠢᠨ᠎ᠠ ᠬᠠᠷᠢᠨ ᠬᠠᠶᠢᠷᠠᠳᠠᠢ | ᠡᠵᠢ ᠪᠠᠨ ᠪᠤᠷᠤ ᠬᠡᠷ ᠲᠡᠭᠡᠨ ᠥᠯᠡᠳᠡᠬᠡᠵᠤ ᠬᠠᠶᠠᠬᠤ ᠬᠡᠤᠨ ᠪᠤᠢ᠃ ᠡᠬᠡ ᠶᠢᠨ ᠰᠠᠨᠠᠭ᠎ᠠ ᠥᠷ᠎ᠠ ᠳᠤ᠂ ᠥᠷ᠎ᠠ ᠶᠢᠨ | ᠰᠠᠨᠠᠭ᠎ᠠ ᠠᠭᠤᠯᠠᠨ ᠳᠤ᠃ ᠬᠤᠳᠠ ᠳᠤ ᠥᠯᠡᠳᠡᠬᠦ ᠬᠡᠰᠡᠨ ᠰᠢᠢᠳᠪᠤᠷᠢ ᠮᠠᠨᠢ ᠬᠠᠷᠢ ᠨᠤᠳᠤᠭ ᠤᠨ ᠠᠮᠢᠳᠤᠷᠠᠯ ᠪᠠ ᠡᠵᠢ | ᠪᠢᠳᠡ ᠬᠤᠶᠠᠷ ᠤᠨ ᠬᠤᠭᠤᠷᠤᠨᠳᠤᠬᠢ ᠠᠶᠠᠨ ᠤ ᠵᠠᠢ ᠶᠢ ᠥᠷᠬᠦᠯᠵᠢᠯᠡᠨ ᠥᠯᠤ ᠮᠡᠳᠡᠭᠦ ᠬᠤᠭᠤᠴᠠᠭ᠎ᠠ ᠪᠠᠷ | ᠤᠷᠳᠤᠳᠬᠠᠭᠰᠠᠨ ᠶᠤᠮ᠃ ᠬᠤᠳᠠ ᠶᠢᠨ ᠬᠥᠷᠤᠰᠤᠨ ᠳᠤ ᠬᠥᠰᠡᠯ ᠵᠡᠬᠦᠳᠤ ᠪᠠᠨ ᠤᠷᠭᠤᠭᠤᠯᠵᠤ ᠶᠠᠪᠤᠭᠰᠠᠨ ᠬᠡᠤᠬᠡᠨ | ᠨᠤᠳᠤᠭ ᠤᠨ ᠰᠠᠯᠬᠢᠨ ᠤ ᠰᠢᠪᠡᠨᠡᠭᠡ ᠪᠠᠨ ᠲᠤᠳᠤ ᠤᠯᠵᠤ ᠰᠤᠨᠤᠰᠬᠤ ᠪᠠᠨ ᠪᠤᠯᠢᠵᠠᠢ᠂ ᠨᠡᠷᠡᠳᠤ ᠲᠡᠯᠡᠬᠡᠢ ᠶᠢᠨ ᠥᠡᠭᠭᠡ | ᠰᠢᠮ᠎ᠠ ᠶᠢ ᠡᠳ᠋ᠯᠡᠵᠤ ᠶᠠᠪᠤᠬᠤ ᠡᠳᠤᠷ ᠬᠤᠨᠤᠭ ᠤᠳ ᠢ ᠬᠠᠶᠢᠷᠠᠯᠠᠭᠰᠠᠨ ᠠᠷᠤ ᠬᠡᠷ ᠤᠨ ᠪᠤᠷᠬᠠᠨ ᠡᠵᠢ ᠪᠠᠨ ᠴᠤ | ᠪᠤᠳᠤᠯ ᠳᠠᠭᠠᠨ ᠯᠠ ᠰᠠᠶ᠋ᠢ ᠡᠷᠬᠢᠬᠦᠯᠵᠤ ᠴᠢᠳᠠᠳᠠᠭ ᠪᠤᠯᠵᠠᠢ᠃ ᠬᠤᠪᠢ ᠵᠠᠶᠠᠭᠠᠨ ᠤ ᠰᠤᠩᠭᠤᠯᠳᠠ ᠶᠢᠨ ᠡᠷᠬᠡ ᠪᠠᠨ | ᠡᠵᠡᠮᠳᠡᠭᠦ ᠶᠢᠨ ᠲᠠᠭᠠᠤ ᠳᠠᠭᠠᠨ ᠥᠷᠡᠭᠳᠡᠬᠦᠯᠬᠦ ᠠᠴᠠ ᠪᠢ ᠡᠵᠢ ᠪᠠᠨ ᠰᠤᠩᠭᠤᠯᠠ᠃ | ︽ᠵᠠ᠂ ᠮᠢᠨᠤ ᠬᠡᠤᠬᠡᠨ ᠬᠥᠮᠤᠨ ᠤ ᠵᠡᠷᠬᠡ ᠳᠤ ᠶᠠᠪᠤᠵᠤ᠂ ᠬᠥᠰᠡᠯ ᠵᠤᠷᠢᠭ ᠤᠨ ᠢᠶᠠᠨ ᠲᠥᠯᠤᠬᠡ ᠮᠠᠷᠠᠶᠢᠵᠤ | ᠶᠠᠪᠤᠬᠤ ᠨᠢ ᠲᠥᠮᠡᠨ ᠵᠥᠪ ᠡ᠂ ᠡᠵᠢ ᠨᠢ ᠴᠢᠮᠠᠶᠢᠢ ᠬᠡᠵᠢᠶᠡᠳᠡ ᠲᠡᠮᠵᠢᠨ᠎ᠡ᠂ ᠬᠡᠪᠡᠴᠤ ᠲᠡᠷᠡ ᠠᠶᠠᠨ ᠵᠠᠮ᠂ ᠶᠠᠪᠤᠴᠠ | ᠥᠡᠭᠭᠡᠷᠡᠯᠳᠡ ᠶᠡᠷᠤ ᠨᠢ ᠬᠠᠯᠠ ᠲᠠᠢ ᠪᠠᠶᠢᠳᠠᠭ ᠰᠢᠤ ᠁︾ ᠬᠡᠵᠤ ᠡᠵᠢ ᠮᠢᠨᠢ ᠰᠠᠨᠠᠭ᠎ᠠ ᠪᠤᠯᠵᠤ ᠯᠠ ᠪᠠᠶᠢᠨ᠎ᠠ᠃ | ᠡᠵᠢ ᠬᠥᠮᠤᠨ ᠤ ᠰᠡᠳᠬᠢᠯ ᠴᠠᠶᠢᠯᠭᠠᠨ ᠪᠠᠶᠢᠳᠠᠭ᠂ ᠬᠡᠵᠢᠶ᠎ᠠ ᠡᠬᠦᠷᠢᠳᠡ ᠥᠷ᠎ᠠ ᠪᠠᠨ ᠪᠤᠷᠤᠭᠤᠰᠢᠶᠠᠳᠠᠭ ᠥᠬᠡᠢ᠃ | ᠡᠵᠢ ᠬᠥᠮᠤᠨ ᠤ ᠰᠡᠳᠬᠢᠯ ᠠᠭᠤᠤ ᠪᠠᠶᠢᠳᠠᠭ᠂ ᠬᠡᠵᠢᠶ᠎ᠡ ᠡᠬᠦᠷᠢᠳᠡ ᠥᠷ᠎ᠠ ᠳᠡᠭᠡᠨ ᠭᠤᠮᠤᠳᠠᠳᠠᠭ ᠥᠬᠡᠢ᠃ | ᠬᠥᠮᠤᠨ ᠤ ᠤᠷᠴᠢᠯᠠᠩ ᠤᠨ ᠥᠨᠢ ᠮᠥᠡᠭᠭᠡ ᠡᠨᠡ ᠰᠡᠳᠬᠢᠯ ᠯᠠ ᠪᠠᠶᠢᠯᠬᠦᠢ᠃ | ᠬᠠᠷᠢ ᠨᠤᠳᠤᠭ ᠤᠨ ᠨᠠᠷᠠ ᠰᠠᠯᠬᠢ ᠪᠠᠷ ᠲᠠᠰᠢᠭᠤᠷᠳᠠᠭᠤᠯᠵᠤ ᠶᠠᠪᠤᠬᠤ ᠪᠠᠷ | ᠡᠵᠢ ᠮᠢᠨᠢ ᠲᠡᠷᠬᠡᠳᠡ ᠪᠠᠶᠢᠭ᠎ᠠ ᠪᠤᠯ ᠁ | ᠬᠠᠷᠢ ᠨᠤᠳᠤᠭ ᠤᠨ ᠵᠡᠬᠡᠯᠢ ᠭᠤᠳᠤᠮᠵᠢ ᠪᠠᠷ ᠭᠤᠨᠭ᠍ᠰᠦ᠋ᠢᠨ ᠠᠯᠬᠤᠯᠠᠬᠤ ᠪᠠᠷ | ᠡᠵᠢ ᠮᠢᠨᠢ ᠲᠡᠷᠬᠡᠳᠡ ᠪᠠᠶᠢᠭ᠎ᠠ ᠪᠤᠯ ᠁ | ᠬᠠᠷᠢ ᠨᠤᠳᠤᠭ ᠤᠨ ᠬᠤᠭᠤᠯᠠ ᠤᠮᠳᠠ ᠳᠤ ᠲᠠᠳᠬᠤ ᠥᠬᠡᠢ ᠲᠥᠳᠤᠨᠡᠬᠦ ᠪᠠᠷ | ᠡᠵᠢ ᠮᠢᠨᠢ ᠲᠡᠷᠬᠡᠳᠡ ᠪᠠᠶᠢᠭ᠎ᠠ ᠪᠤᠯ ᠁ | ᠬᠠᠷᠢ ᠨᠤᠳᠤᠭ ᠤᠨ ᠰᠥᠨᠢ ᠶᠢᠨ ᠬᠥᠨ ᠭᠤᠳᠤᠷᠠᠨ ᠤᠶᠢᠢᠳᠬᠠᠷᠯᠠᠬᠤ ᠪᠠᠷ | ᠡᠵᠢ ᠮᠢᠨᠢ ᠲᠡᠷᠬᠡᠳᠡ ᠪᠠᠶᠢᠭ᠎ᠠ ᠪᠤᠯ ᠁ | ᠡᠵᠢ ᠮᠢᠨᠢ ᠲᠡᠷᠬᠡᠳᠡ ᠪᠠᠶᠢᠭ᠎ᠠ ᠪᠤᠯ ᠁ | ᠡᠵᠢ ᠶᠢᠨ ᠰᠡᠳᠬᠢᠯ ᠡᠬᠦᠷᠢᠳᠡ ᠥᠷ᠎ᠠ ᠶᠢᠨ ᠢᠶᠠᠨ ᠲᠡᠷᠬᠡᠳᠡ ᠁ | ᠬᠤᠪᠢ ᠵᠠᠶᠠᠭ᠎ᠠ ᠪᠠᠨ ᠥᠪᠡᠷ ᠢᠶᠠᠨ ᠡᠵᠡᠮᠳᠡᠬᠦ ᠬᠡᠤᠨ ᠪᠢ ᠡᠵᠢ ᠠᠴᠠ ᠪᠠᠨ ᠡᠷᠴᠢ ᠵᠤᠷᠢᠭ ᠭᠤᠶᠤᠳᠠᠭ᠂ | ᠡᠩ ᠤᠨ ᠲᠤᠮᠳᠠ ᠰᠤᠳᠤᠨ ᠪᠤᠯᠬᠤ ᠪᠠᠷ ᠮᠡᠷᠡᠶᠢᠬᠦ ᠳᠡᠭᠡᠨ ᠪᠢ ᠡᠵᠢ ᠠᠴᠠ ᠪᠠᠨ ᠰᠢᠳᠢ ᠬᠥᠴᠤᠨ ᠬᠥᠰᠡᠳᠡᠭ᠃ | ᠡᠵᠢ ᠬᠡᠳᠡᠭ ᠨᠢᠬᠡ ᠯᠠ ᠥᠬᠡᠨ ᠳᠤ ᠥᠡᠭᠭᠡᠪᠴᠢᠬᠡᠨ ᠬᠤᠷ᠊ ᠣᠠ᠋ ᠶᠢᠨ ᠠᠯᠢᠪᠠ ᠲᠤᠳᠤᠨᠤ ᠲᠤᠯᠠᠭᠠᠨ | ᠬᠤᠷᠢᠶᠠᠩᠭᠤᠶᠢᠢᠯᠠᠭᠳᠠᠵᠤ᠂ ᠡᠵᠢ ᠬᠡᠳᠡᠭ ᠨᠢᠬᠡ ᠥᠬᠡᠨ ᠳᠤ ᠬᠡᠴᠢᠨᠡᠨ ᠤᠯᠠᠨ ᠡᠷᠡᠰ ᠬᠠᠳᠠᠭᠤ ᠥᠷ᠎ᠠ ᠵᠢᠷᠤᠬᠡ ᠶᠢᠨ | ᠤᠶᠠᠷᠠᠵᠤ ᠤᠬᠢᠯᠠᠬᠤ ᠶᠢ ᠰᠢᠩᠭᠡᠭᠡᠭᠰᠡᠨ ᠢ ᠬᠡᠨ ᠮᠡᠳᠡᠳᠡᠭ ᠪᠢᠯᠠ︖ ᠥᠡᠭᠭᠡᠷᠡᠭᠰᠡᠨ ᠳᠤ ᠪᠢ ᠨᠢᠬᠡ | ᠨᠠᠶᠢᠵᠨ ᠶᠢᠨ ᠢᠶᠠᠨ ︽ᠮᠢᠨᠤ ᠲᠤᠯᠠᠭᠠᠨ ᠪᠠᠶᠢᠰᠢᠩ︾ ᠬᠡᠮᠡᠬᠦ ᠶᠠᠷᠢᠶ᠎ᠠ ᠢᠯᠡᠳᠬᠡᠯ ᠢ ᠰᠤᠨᠤᠰᠴᠤ ᠪᠠᠶᠢᠭᠰᠠᠨ ᠶᠤᠮ᠃ | ᠨᠠᠶᠢᠵᠨ ᠶᠢᠨ ᠢᠯᠡᠳᠬᠡᠯ ᠳᠡᠭᠡᠨ ᠶᠢᠷᠳᠢᠨᠴᠤ ᠶᠢᠨ ᠲᠥᠮᠡᠨ ᠬᠡᠷᠡᠭ ᠪᠤᠳᠠᠰ ᠲᠤ ᠴᠥᠮ ᠰᠢᠯᠳᠠᠭᠠᠨ ᠥᠷ᠎ᠠ ᠶᠢᠨ | ᠪᠤᠳᠤᠯᠢᠶᠠᠨᠳᠤ ᠬᠠᠷᠢᠴᠠᠭ᠎ᠠ ᠲᠠᠢ ᠪᠠᠶᠢᠳᠠᠭ᠂ ᠬᠡᠪᠡᠴᠤ ᠭᠠᠭᠴᠠ ᠨᠢᠬᠡ ᠬᠡᠷ ᠲᠡᠭᠡᠨ ᠬᠠᠷᠢᠬᠤ ᠤᠴᠢᠷ ᠲᠤ ᠶᠠᠮᠠᠷ ᠴᠤ | ᠰᠢᠯᠳᠠᠭᠠᠨ ᠬᠡᠷᠡᠭ ᠥᠬᠡᠢ ᠬᠡᠮᠡᠨ ᠥᠬᠦᠯᠡᠭᠰᠡᠨ ᠨᠢ ᠨᠠᠮᠠᠶᠢ ᠰᠤᠷᠮᠤᠤᠰᠤ ᠴᠢᠬᠢᠭᠳᠡᠬᠦᠯᠵᠤ ᠪᠠᠶᠢᠭᠰᠠᠨ ᠰᠠᠠ᠃ ᠲᠡᠶᠢᠮᠤ | ᠡ᠂ ᠬᠡᠷ ᠨᠤᠳᠤᠭ ᠲᠠᠭᠠᠨ ᠬᠠᠷᠢᠬᠤ ᠳᠤ ᠶᠠᠮᠠᠷ ᠴᠤ ᠰᠢᠯᠳᠠᠭᠠᠨ ᠬᠡᠷᠡᠭ ᠥᠬᠡᠢ᠂ ᠡᠵᠢ ᠶᠢᠨ ᠢᠶᠠᠨ ᠲᠡᠷᠬᠡᠳᠡ | ᠤᠴᠢᠬᠤ ᠳᠤ ᠨᠡᠩ ᠴᠤ ᠰᠢᠯᠳᠠᠭᠠᠨ ᠬᠡᠷᠡᠭ ᠥᠬᠡᠢ᠃ | ᠬᠡᠪᠡᠴᠤ ᠡᠵᠢ ᠶᠢᠨ ᠢᠶᠠᠨ ᠲᠡᠷᠬᠡᠳᠡ ᠶᠠᠮᠠᠷ ᠪᠠᠶᠢᠳᠠᠯ ᠲᠠᠢ ᠪᠠᠷ ᠪᠠᠶᠢᠬᠤ ᠨᠢ ᠨᠡᠩ ᠴᠢᠬᠤᠯᠠ ᠶᠤᠮ᠃ | ᠡᠵᠢ ᠲᠠᠢ ᠪᠠᠨ ᠬᠠᠮᠳᠤ ᠪᠠᠶᠢᠭᠰᠠᠭᠠᠷ ᠠᠵᠤ ᠠᠮᠢᠳᠤᠷᠠᠯ ᠥᠬᠡᠳᠡ ᠤᠷᠤᠭᠰᠢ ᠪᠤᠯᠳᠠᠭ ᠬᠡᠰᠡᠨ ᠲᠡᠳᠤᠢ ᠪᠢᠰᠢ᠂ | ᠬᠠᠷᠢᠨ ᠬᠥᠮᠤᠨ ᠪᠥᠬᠦᠨ ᠬᠤᠪᠢ ᠪᠡᠶ᠎ᠡ ᠶᠢᠨ ᠴᠢᠷᠮᠠᠶᠢᠯᠭ᠎ᠠ ᠪᠠᠷ ᠢᠶᠠᠨ ᠡᠪᠯᠡᠬᠦᠨ ᠠᠮᠢᠳᠤᠷᠠᠯ ᠢ ᠰᠤᠯᠢᠳᠠᠭ᠃ | ᠠᠳᠠᠯᠢᠬᠠᠨ ᠶᠤᠰᠤ ᠪᠠᠷ ᠮᠢᠨᠤᠬᠢ ᠥᠡᠭᠭᠡᠷᠡᠬᠦᠯᠦᠭᠰᠡᠨ ᠬᠤᠷᠢᠭᠠᠤᠨ ᠵᠢᠯ ᠤᠨ ᠲᠠᠭᠠᠳᠠᠢ ᠠᠮᠢᠳᠤᠷᠠᠯ ᠪᠤᠯ ᠡᠵᠢ ᠶᠢᠨ | ᠮᠢᠨᠢ ᠬᠥᠯᠤᠰᠤ ᠬᠥᠳᠡᠯᠮᠤᠷᠢ ᠪᠠᠷ ᠲᠠᠪᠢᠰᠬᠡᠷᠯᠡᠭᠰᠡᠨ ᠪᠢᠯᠡ᠃ ᠰᠠᠷ᠎ᠠ ᠬᠤᠨᠤᠭ ᠤᠳ ᠥᠡᠭᠭᠡᠷᠡᠨ ᠤᠳᠬᠤ ᠳᠠᠭᠠᠨ | ᠡᠵᠢ ᠶᠢᠨ ᠮᠢᠨᠢ ᠵᠠᠯᠠᠭᠤ ᠽᠠᠨᠳᠠᠨ ᠵᠢᠰᠤ ᠴᠢᠷᠠᠢ ᠪᠠ ᠴᠢᠬᠢᠷᠠᠭ ᠲᠡᠩᠭᠡᠯᠡᠬᠦᠨ ᠪᠡᠶ᠎ᠡ ᠮᠠᠬᠠᠪᠤᠤᠨ ᠢ ᠬᠠᠮᠳᠤ ᠳᠠᠭᠠᠨ | ᠤᠷᠤᠰᠬᠠᠨ ᠥᠡᠭᠭᠡᠷᠡᠬᠦᠯᠦᠭᠰᠡᠨ ᠪᠤᠯᠪᠠᠴᠤ ᠬᠠᠷᠢᠨ ᠨᠠᠳᠠᠳᠤ ᠤᠯᠠᠮ ᠠᠴᠠ ᠪᠤᠯᠪᠠᠰᠤᠷᠠᠩᠭᠤᠢ ᠬᠥᠴᠤᠨ ᠴᠢᠳᠠᠪᠤᠷᠢ ᠶᠢ | ᠪᠥᠷᠢᠯᠳᠤᠬᠦᠯᠵᠤ ᠥᠭᠭᠦᠭᠰᠡᠨ ᠶᠤᠮ᠃ ᠡᠵᠢ ᠶᠢᠨ ᠢᠶᠠᠨ ᠵᠠᠵᠢᠨ ᠬᠢᠷᠠᠭᠤ ᠶᠢ ᠨᠢ ᠬᠠᠷᠠᠬᠤ ᠪᠤᠯᠭᠠᠨ ᠳᠤ ᠪᠢ ᠡᠨᠡ ᠨᠢ | ᠯᠠᠪ ᠡᠵᠢ ᠮᠢᠨᠢ ᠤᠷᠳᠤ ᠬᠠᠷ᠎ᠠ ᠥᠰᠤ ᠪᠠᠨ ᠨᠠᠳᠠᠳᠤ ᠬᠠᠶᠢᠷᠠᠯᠠᠭᠰᠠᠨ ᠤ ᠤᠴᠢᠷ ᠶᠤᠮ ᠡ ᠬᠡᠵᠤ ᠪᠤᠳᠤᠳᠠᠭ᠃ | ᠲᠡᠬᠡᠪᠡᠯ ᠬᠤᠵᠢᠮ ᠢᠷᠡᠬᠡᠳᠤᠢ ᠶᠢᠨ ᠠᠮᠢᠳᠤᠷᠠᠯ ᠳᠤ ᠡᠵᠢ ᠳᠡᠭᠡᠨ ᠲᠠᠭᠠᠯᠠᠮᠵᠢᠳᠠᠢ ᠠᠮᠢᠳᠤᠷᠠᠯ ᠤᠨ ᠤᠷᠴᠢᠨ | ᠬᠠᠨᠭ᠍ᠭᠠᠬᠤ ᠶᠢᠨ ᠲᠥᠯᠤᠬᠡ ᠪᠢ ᠵᠠᠪᠠᠯ ᠥᠪᠡᠷ ᠤᠨ ᠪᠡᠶ᠎ᠡ ᠳᠡᠭᠡᠨ ᠬᠠᠳᠠᠭᠤ ᠴᠢᠩᠭ᠎ᠠ ᠱᠠᠭᠠᠷᠳᠠᠯᠭ᠎ᠠ ᠲᠠᠯᠪᠢᠭᠰᠠᠨ | ᠪᠠᠶᠢᠬᠤ ᠬᠡᠷᠡᠭᠳᠡᠢ᠃ | ᠡᠵᠢ ᠮᠢᠨᠢ ᠲᠡᠷᠬᠡᠳᠡ ᠪᠠᠶᠢᠭ᠎ᠠ ᠪᠤᠯ | ᠪᠠᠶᠠᠰᠤᠯ ᠪᠢᠯᠬᠠᠭᠰᠠᠨ ᠠᠮᠢᠳᠤᠷᠠᠯ ᠢ ᠡᠳ᠋ᠯᠡᠬᠦ ᠶᠤᠰᠤᠳᠠᠢ | ᠡᠵᠢ ᠮᠢᠨᠢ ᠲᠡᠷᠬᠡᠳᠡ ᠪᠠᠶᠢᠭ᠎ᠠ ᠪᠤᠯ | ᠪᠠᠶᠠᠷ ᠵᠢᠷᠭᠠᠯ ᠢᠶᠠᠷ ᠮᠥᠰᠢᠶᠡᠭᠰᠡᠨ ᠪᠠᠶᠢᠬᠤ ᠶᠤᠰᠤᠳᠠᠢ | ᠬᠡᠤᠬᠡᠨ ᠤ ᠪᠠᠨ ᠠᠵᠢᠯ ᠤᠶᠢᠯᠡᠰ ᠤᠨ ᠤᠷᠤᠭᠰᠢᠳᠠᠢ ᠪᠠᠶᠢᠬᠤ ᠳᠤᠨᠢ ᠲᠤᠭᠳᠤᠯᠤᠨ ᠪᠠᠶᠠᠰᠴᠤ᠂ | ᠬᠡᠤᠬᠡᠨ ᠤ ᠪᠠᠨ ᠬᠠᠨᠭ᠍ᠭᠠᠭᠰᠠᠨ ᠲᠠᠭᠠᠯᠠᠮᠵᠢᠳᠠᠶᠢᠬᠠᠨ ᠤᠷᠴᠢᠨ ᠳᠤ ᠬᠠᠨᠤᠮᠵᠢᠳᠠᠢ ᠠᠮᠢᠳᠤᠷᠠᠬᠤ ᠡᠵᠢ ᠶᠢᠨ ᠢᠶᠠᠨ | ᠲᠡᠷᠬᠡᠳᠡ ᠪᠠᠶᠢᠬᠤ ᠳᠠᠭᠠᠨ ᠪᠢ ᠬᠡᠵᠢᠶ᠎ᠠ ᠥᠷᠬᠦᠯᠵᠢ ᠴᠡᠬᠡᠵᠢ ᠲᠠᠨᠢᠢᠨ ᠨᠢᠷᠤᠭᠤ ᠠᠰᠬᠠᠨ ᠪᠠᠶᠢᠳᠠᠭ᠃ | | |