ᠮᠦᠡᠭᠭᠡ ᠶᠢᠨ ᠪᠠᠭᠠᠳᠤᠷᠴᠤᠳ
ᠨᠡᠶᠢᠲᠡᠯᠡᠭᠰᠡᠨ ᠴᠠᠭ᠄
2020/4/27
ᠮᠦᠡᠭᠭᠡ ᠶᠢᠨ ᠪᠠᠭᠠᠳᠤᠷᠴᠤᠳ                     ᠵᠣᠬᠢᠶᠠᠭᠴᠢ᠄ ᠪᠣᠣ ᠾᠧ      — ᠬᠠᠯᠳᠠᠪᠤᠷᠢᠲᠤ ᠬᠢᠵᠢᠭ ᠢ ᠤᠰᠠᠳᠬᠠᠬᠤ ᠳᠠᠶᠢᠨ ᠳᠤ           ᠦᠷᠡᠭᠳᠡᠭᠰᠡᠨ 72 ᠪᠠᠭᠠᠲᠤᠷ ᠲᠤ ᠵᠤᠷᠢᠭᠤᠯᠪᠠᠬᠠᠩᠰᠢ ᠣᠶᠢᠷᠠᠲᠠᠬᠤᠶ᠎ᠠ ᠬᠠᠮᠤᠭ ᠪᠣᠳᠠᠰ ᠠᠮᠢᠯᠠᠯ ᠢᠶᠠᠷ ᠪᠢᠯᠬᠠᠨ᠎ᠠᠬᠠᠯᠳᠠᠪᠤᠷᠢᠲᠤ ᠦᠷᠪᠢᠰᠦᠯ ᠢ ᠳᠠᠷᠤᠭᠰᠠᠨ ᠪᠠᠭᠠᠲᠤᠷᠴᠤᠳ ᠮᠢᠨᠢ ᠳᠠᠷᠬᠠᠨ ᠢᠯᠠᠯᠲᠠ ᠪᠠᠷ ᠡᠭᠡᠮᠣᠢᠬᠠᠪᠲᠠᠭᠠᠢ ᠴᠡᠭᠡᠵᠢᠨ ᠳᠤ ᠬᠠᠯᠠᠭᠤᠨ ᠴᠢᠰᠤ ᠣᠷᠭᠢᠯᠬᠤᠶ᠎ᠠᠬᠠᠮᠤᠭ ᠤᠨ ᠲᠦᠯᠦᠭᠡ ᠠᠮᠢ ᠪᠠᠨ ᠵᠣᠷᠢᠭᠤᠯᠤᠭᠰᠠᠨᠦᠷᠡᠭᠳᠡᠭᠰᠡᠨ ᠪᠠᠭᠠᠲᠤᠷᠴᠤᠳ ᠮᠢᠨᠢ ᠮᠥᠷᠦᠭᠡᠳᠦᠭᠳᠡᠨ᠎ᠡᠬᠤᠶᠠᠷ ᠮᠢᠩᠭ᠎ᠠ ᠪᠦᠭᠡᠳ ᠬᠤᠷᠢᠨ ᠣᠨ ᠤ ᠬᠠᠪᠤᠷ ᠭᠡᠭᠴᠢ ᠬᠤᠪᠤᠷ ᠳᠣᠬᠢᠶᠠᠯᠳᠤᠳᠠᠭ ᠤᠷᠰᠢᠭ ᠶᠡᠬᠡᠲᠡᠢ ᠵᠢᠯᠬᠤᠷᠸ᠎ᠠ ᠶᠢ ᠰᠣᠴᠢᠭᠠᠭᠰᠠᠨ ᠬᠢᠵᠢᠭ ᠮᠠᠩᠭᠤᠰ ᠰᠢᠭ᠋ ᠨᠦᠷᠢᠵᠦᠬᠤᠪᠧᠢ ᠶᠢᠨ ᠦᠬᠠᠨ ᠢ ᠲᠠᠯᠬᠢᠬᠲᠠᠨ ᠳᠦᠷᠪᠡᠨ ᠵᠦᠭ ᠲᠤ ᠰᠠᠪᠠᠷ ᠰᠤᠩᠭᠠᠯ᠎ᠠᠠᠭᠤᠤ ᠨᠠᠮ ᠡᠬᠡ ᠣᠷᠣᠨ ᠤ ᠪᠠᠨ ᠤᠷᠢᠶᠠᠯᠠᠭ᠎ᠠ ᠶᠢ ᠴᠣᠤᠷᠢᠶᠠᠳᠤᠨᠠᠷᠪᠠᠨ ᠳᠦᠷᠪᠡᠨ ᠳ᠋ᠦᠩᠰᠢᠭᠤᠷ ᠠᠷᠠᠳ ᠲᠦᠮᠡᠨ ᠤ ᠡᠩᠬᠡ ᠮᠡᠨᠳᠦ ᠶᠢᠨ ᠲᠦᠯᠦᠭᠡᠠᠷᠤ ᠭᠡᠷ ᠢᠶᠠᠨ ᠬᠤᠶᠢᠨ᠎ᠠ ᠪᠠᠨ ᠬᠠᠶᠠᠭᠰᠠᠨ ᠪᠠᠭᠠᠲᠤᠷᠴᠤᠳ ᠮᠢᠨᠢ ᠵᠢᠪᠬᠤᠭᠠᠲᠠᠢᠤᠲᠤᠭ᠎ᠠ ᠦᠭᠡᠢ ᠳᠠᠶᠢᠨ ᠤ ᠭᠤᠤᠯ ᠲᠠᠯᠠᠪᠤᠷ ᠲᠤ ᠴᠡᠷᠢᠭᠯᠡᠯ᠎ᠡᠠᠶᠣᠯᠳᠦ ᠬᠢᠵᠢᠭ ᠰᠦᠷᠡᠬᠡᠢ ᠭᠡᠳᠡᠭ ᠢ ᠬᠡᠨ ᠴᠦ ᠮᠡᠳᠡᠨ᠎ᠡᠬᠡᠷᠰᠡᠦᠯᠡᠵᠦ ᠪᠠᠶᠢᠲᠠᠯ᠎ᠠ ᠠᠮᠢ ᠪᠠᠨ ᠠᠯᠳᠠᠨ᠎ᠠ ᠭᠡᠳᠡᠭ ᠢ ᠲᠠ ᠨᠠᠷ ᠨᠡᠩ ᠤᠶᠢᠯᠠᠭᠠᠨ᠎ᠠᠭᠡᠲᠡᠯ᠎ᠡ ᠲᠠ ᠨᠠᠷ ᠪᠣᠰᠤᠳ ᠤᠨ ᠠᠮᠢ ᠶᠢ ᠦᠪᠡᠷ ᠠᠴᠠ ᠪᠠᠨ ᠡᠷᠬᠢᠮ ᠪᠣᠯᠭᠠᠳᠠᠭ ᠲᠤᠯᠠᠬᠢᠯᠢᠨᠴᠡ ᠸᠢᠷᠦ᠋ᠰ ᠲᠠᠢ ᠪᠠᠶᠢᠯᠳᠤᠬᠤ ᠳᠠᠶᠢᠨ ᠤ ᠲᠠᠯᠠᠪᠤᠷ ᠠᠴᠠ ᠶᠡᠷᠦ ᠨᠢ ᠪᠣᠴᠠᠭᠰᠠᠨ ᠦᠭᠡᠢ ᠪᠢᠳᠡ ᠭᠡᠷ ᠲᠡᠭᠡᠨ ᠳᠠᠯᠳᠠᠯᠠᠬᠤ ᠳᠤ ᠲᠠ ᠨᠠᠷ ᠡᠮᠦᠨ᠎ᠡ ᠹᠷᠣᠨᠲ ᠲᠤᠪᠠᠷᠴᠢᠳ ᠬᠢᠵᠢᠭ ᠢ ᠤᠰᠠᠳᠬᠠᠬᠤ ᠪᠠᠶᠢᠯᠳᠤᠭᠠᠨ ᠤ ᠲᠠᠯᠠᠪᠤᠷ ᠲᠤ ᠲᠡᠮᠡᠴᠡᠭᠰᠡᠭᠡᠷᠪᠦᠬᠦᠢ ᠯᠡ ᠬᠦᠮᠦᠨ ᠲᠦᠷᠦᠯᠬᠢᠲᠡᠨ ᠤ ᠡᠩᠬᠡ ᠮᠡᠨᠳᠦ ᠶᠢᠨ ᠲᠦᠯᠦᠭᠡᠪᠡᠶ᠎ᠡ ᠪᠠᠨ ᠴᠦᠯᠡᠨ ᠠᠯᠲᠠᠨ ᠠᠮᠢ ᠪᠠᠨ ᠦᠷᠡᠭᠳᠡᠭᠦᠯᠦᠭᠰᠡᠨ᠂ᠤᠲᠤᠭ᠎ᠠ ᠦᠭᠡᠢ ᠳᠠᠶᠢᠨ ᠤ ᠲᠠᠯᠠᠪᠤᠷ ᠲᠤ ᠴᠦ ᠠᠶᠤᠯ ᠰᠦᠷᠡᠬᠡᠢ ᠪᠣᠯᠪᠠᠴᠤᠤᠭᠲᠤ ᠰᠦᠷᠳᠡᠯ ᠦᠭᠡᠢ ᠪᠠᠭᠠᠲᠤᠷᠯᠠᠨ ᠲᠡᠮᠡᠴᠡᠭᠰᠡᠨ ᠨᠢ ᠪᠢᠰᠢᠷᠡᠭᠦᠰᠢᠲᠡᠢᠠᠨᠳᠠ ᠨᠠᠶᠢᠵᠠ ᠨᠢ ᠦᠷᠡᠭᠳᠡᠭᠰᠡᠨ ᠳᠤ ᠨᠢᠯᠪᠤᠰᠤ ᠪᠠᠨ ᠵᠠᠯᠭᠢᠭᠠᠳᠠᠳᠠᠭᠠᠳᠠᠨ ᠬᠢᠵᠢᠭ ᠲᠠᠢ ᠪᠠᠶᠢᠯᠳᠤᠭᠰᠠᠭᠠᠷᠦᠪᠡᠷ ᠢᠶᠠᠨ ᠴᠤ ᠦᠷᠡᠭᠳᠡᠭᠰᠡᠨ ᠨᠢ ᠬᠠᠷᠠᠮᠰᠠᠯᠲᠠᠢᠡᠩᠬᠡ ᠮᠡᠨᠳᠦ ᠶᠢᠨ ᠤᠲᠠᠴᠢ ᠪᠠᠷ ᠭᠤᠤᠯᠯᠠᠭᠰᠠᠨ ᠳᠠᠶᠢᠨ ᠤ ᠲᠠᠯᠠᠪᠤᠷ ᠲᠤᠡᠯ᠎ᠡ ᠹᠷᠣᠨᠲ ᠤᠨ ᠬᠢᠨ ᠴᠤ ᠦᠷᠡᠭᠳᠡᠯ ᠮᠦᠨ ᠴᠦ ᠣᠯᠠᠨᠦᠩᠭᠡᠷᠡᠭᠰᠡᠨ ᠳᠤ ᠬᠤᠸᠠᠩ ᠬᠤᠸᠠ ᠭᠠᠩ ᠤᠨ ᠳᠠᠯᠠᠨ ᠬᠤᠶᠠᠷ ᠦᠷᠡᠭᠳᠡᠭᠰᠡᠨ ᠪᠠᠭᠠᠲᠤᠷ ᠤᠨ ᠲᠡᠦᠬᠡ ᠲᠠᠢᠥᠨᠥᠳᠦᠷ ᠬᠦᠨᠦᠭᠡᠯᠲᠦ ᠬᠢᠵᠢᠭ ᠲᠠᠢ ᠲᠡᠮᠡᠴᠡᠵᠦ ᠦᠷᠡᠭᠳᠡᠭᠰᠡᠨᠳᠠᠯᠠᠨ ᠬᠤᠶᠠᠷ ᠪᠠᠭᠠᠲᠤᠷ ᠤᠨ ᠲᠣᠤᠯᠢᠰ ᠲᠠᠢᠠᠬᠠᠰᠢᠷᠠᠭ᠎ᠠ ᠨᠠᠰᠤᠲᠠᠨ ᠴᠢᠨᠢ ᠡᠮᠬᠡᠭ ᠬᠦᠨᠳᠦ ᠭᠡᠳ ᠬᠤᠶᠢᠰᠢ ᠤᠬᠤᠷᠢᠭᠰᠠᠨ ᠦᠭᠡᠢᠠᠷᠠᠳ ᠲᠦᠮᠡᠨ ᠤ ᠪᠠᠨ ᠠᠮᠢ ᠨᠠᠰᠤ ᠶᠢ ᠠᠪᠤᠷᠠᠬᠤ ᠪᠠᠷ ᠵᠣᠷᠢᠯᠲᠠ ᠪᠣᠯᠭᠠᠭᠰᠠᠨᠠᠮᠠᠷᠠᠭ ᠭᠡᠷᠬᠡᠢ ᠴᠢᠨᠢ ᠬᠦᠩᠭᠡᠵᠢᠬᠦ ᠳᠤ ᠲᠠ ᠬᠠᠵᠠᠭᠤ ᠳᠤᠨᠢ ᠪᠠᠶᠢᠭ᠎ᠠ ᠦᠭᠡᠢᠠᠭᠤᠤ ᠤᠯᠤᠰ ᠤᠨ ᠢᠶᠠᠨ ᠡᠩᠬᠡ ᠲᠠᠶᠢᠪᠤᠩ ᠢᠪᠠᠲᠤᠯᠠᠬᠤ ᠪᠠᠷ ᠬᠠᠷᠢᠭᠤᠴᠠᠯᠭ᠎ᠠ ᠪᠣᠯᠭᠠᠭᠰᠠᠨᠤᠷᠲᠤ ᠴᠠᠭ ᠬᠡᠲᠦᠷᠬᠡᠢ ᠠᠵᠢᠯᠯᠠᠭᠰᠠᠨ ᠠᠴᠠ ᠠᠵᠢᠯ ᠤᠨ ᠪᠠᠶᠢᠷᠢ ᠳᠠᠭᠠᠨ ᠦᠷᠡᠭᠳᠡᠭᠰᠡᠳ ᠪᠣᠢᠡᠪᠡᠳᠴᠢᠲᠡᠨ ᠠᠴᠠ ᠬᠠᠯᠳᠠᠪᠤᠷᠢᠯᠠᠭᠳᠠᠨ ᠦᠪᠡᠷ ᠢ ᠪᠠᠨ ᠦᠷᠡᠭᠳᠡᠭᠦᠯᠤᠭ᠍ᠰᠡᠨᠣᠨᠴᠠ ᠵᠢᠱᠢᠶ᠎ᠡ ᠶᠢ ᠣᠯᠠᠨ ᠳᠤᠷᠠᠳᠬᠤ ᠦᠭᠡᠢ ᠴᠤ ᠠᠷᠠᠳ ᠲᠦᠮᠡᠨ ᠴᠢᠨᠢ ᠤᠶᠢᠯᠠᠭᠠᠵᠦ ᠪᠠᠶᠢᠨ᠎ᠠᠦᠪᠡᠷ ᠤᠨ ᠲᠦᠯᠦᠭᠡ ᠪᠢᠰᠢ ᠬᠡᠨ ᠤ ᠲᠦᠯᠦᠭᠡ ᠭᠡᠳᠡᠭ ᠢ ᠡᠬᠡ ᠣᠷᠤᠨ ᠴᠢᠨᠢ ᠮᠡᠳᠡᠷᠡᠵᠦ ᠪᠠᠶᠢᠨ᠎ᠠᠳᠠᠶᠠᠭᠠᠷ ᠣᠯᠠᠨ ᠤ ᠵᠤᠯ ᠵᠢᠷᠭᠠᠯ ᠤᠨ ᠲᠦᠯᠦᠭᠡ ᠠᠮᠢ ᠪᠠᠨ ᠵᠣᠷᠢᠭᠤᠯᠤᠭᠰᠠᠨᠳᠠᠯᠠᠨ ᠬᠤᠶᠠᠷ ᠪᠠᠭᠠᠲᠤᠷ ᠮᠢᠨᠢ ᠲᠠᠯᠠᠭᠠᠷ ᠦᠷᠡᠭᠳᠡᠭᠰᠡᠨ ᠪᠣᠰᠤᠳᠠᠷᠬᠠᠨ ᠤᠯᠤᠰ ᠤᠨ ᠢᠶᠠᠨ ᠮᠠᠨᠳᠤᠯ ᠬᠦᠭᠵᠢᠯ ᠳᠤ ᠲᠦᠯᠬᠢᠴᠡ ᠬᠦᠴᠦᠨ ᠪᠣᠯᠤᠭᠰᠠᠨᠳᠠᠶᠠᠩ ᠳᠡᠯᠡᠬᠡᠢ ᠶᠢᠨ ᠡᠷᠡᠭᠦᠯ ᠡᠩᠬᠡ ᠳᠤ ᠬᠤᠪᠢ ᠨᠡᠮᠡᠷᠢ ᠪᠣᠯᠤᠭᠰᠠᠨᠡᠯᠢᠭᠡᠨ ᠲᠣᠳᠤᠨᠤ ᠰᠠᠲᠤᠨ ᠲᠦᠷᠦᠯ ᠴᠢᠨᠢ ᠲᠠᠨ ᠢ ᠪᠠᠨ ᠰᠠᠨᠠᠭᠠᠯᠵᠠᠵᠤ ᠪᠠᠶᠢᠨ᠎ᠠᠡᠷᠡᠭᠦᠯ ᠪᠣᠯᠤᠭᠰᠠᠨ ᠡᠪᠡᠳᠴᠢᠲᠡᠨ ᠴᠢᠨᠢ ᠲᠠᠨ ᠳᠠᠭᠠᠨ ᠲᠠᠯᠠᠷᠬᠠᠵᠦ ᠪᠠᠶᠢᠨ᠎ᠠ ᠡᠬᠡ ᠣᠷᠤᠨ ᠠᠷᠠᠳ ᠲᠦᠮᠡᠨ ᠴᠢᠨᠢ ᠲᠠᠨ ᠢ ᠪᠠᠨ ᠭᠠᠰᠢᠭᠤᠳᠠᠵᠤ ᠪᠠᠶᠢᠨ᠎ᠠᠡᠨᠡ ᠳᠡᠯᠡᠬᠡᠢ ᠳᠤ ᠠᠯᠳᠠᠷ ᠭᠠᠪᠢᠶ᠎ᠠ ᠴᠢᠨᠢ ᠬᠡᠵᠢᠶᠡᠳᠡ ᠮᠦᠩᠬᠡᠷᠡᠬᠦ ᠶᠤᠮ ᠡ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号