ᠮᠤᠩᠭᠤᠯ ᠡᠮ | ᠵᠣᠬᠢᠶᠠᠭᠴᠢ᠄ ᠯᠢ ᠪᠣᠶᠠᠨᠴᠣᠬᠯᠠ | ᠡᠮᠨᠡᠨ ᠵᠠᠰᠠᠬᠤ ᠳᠤ ᠮᠤᠩᠭᠤᠯ ᠡᠮ ᠰᠠᠶᠢᠨ | ᠡᠳᠡᠭᠡᠨ ᠠᠪᠤᠷᠠᠬᠤ ᠳᠤ ᠮᠤᠩᠭᠤᠯ ᠡᠮ ᠰᠠᠶᠢᠨ | ᠡᠮ ᠲᠠᠩ ᠢ ᠥᠪᠡᠷ ᠢᠶᠠᠨ ᠨᠠᠶᠢᠷᠠᠨ᠎ᠠ ᠴᠢᠨᠠᠷ ᠰᠠᠶᠢᠨ | ᠡᠮ ᠤᠨ ᠵᠣᠷ ᠢ ᠥᠪᠯᠡᠨ ᠤᠯᠠᠮᠵᠢᠯᠠᠨ᠎ᠠ ᠠᠰᠢᠭ ᠰᠠᠶᠢᠨ᠃ | ᠡᠪᠡᠦᠨᠴᠢᠨ ᠡᠮᠭᠡᠭ ᠢ ᠡᠳᠡᠭᠡᠬᠦ | ᠵᠠᠰᠠᠯᠭ᠎ᠠ ᠰᠠᠶᠢᠲᠠᠢ ᠮᠤᠩᠭᠤᠯ ᠡᠮ | ᠡᠪᠡᠰᠦᠨ ᠡᠮ ᠢᠶᠠᠷ ᠨᠠᠶᠢᠷᠠᠭᠤᠯᠬᠤ | ᠵᠠᠷᠤᠯᠭ᠎ᠠ ᠪᠠᠭᠠᠲᠠᠢ ᠮᠤᠩᠭᠤᠯ ᠡᠮ᠃ | ᠤᠯᠠᠭᠠᠨ ᠬᠠᠷ᠎ᠠ ᠰᠢᠷ᠎ᠠ ᠪᠣᠷᠣ | ᠥᠩᠭᠡ ᠢᠯᠭᠤᠮ ᠮᠤᠩᠭᠤᠯ ᠡᠮ | ᠦᠷᠢᠯ ᠲᠠᠩ ᠴᠢᠨᠠᠬᠤ ᠴᠢᠨᠠᠬᠤ ᠦᠭᠡᠢ | ᠣᠯᠠᠨ ᠲᠥᠷᠥᠯ ᠤᠨ ᠮᠤᠩᠭᠤᠯ ᠡᠮ᠃ | ᠭᠤᠭᠤᠤᠨ ᠬᠠᠳᠤᠬᠤ ᠮᠡᠳᠥ ᠵᠠᠰᠠᠬᠤ ᠪᠢᠰᠢ | ᠭᠤᠤᠯ ᠦᠨᠳᠦᠰᠦ ᠪᠠᠷ ᠨᠢ ᠵᠠᠰᠠᠬᠤ ᠶᠤᠮ | ᠤᠷᠪᠠᠵᠤ ᠳᠠᠬᠢᠬᠤ ᠪᠠᠷ ᠵᠠᠰᠠᠬᠤ ᠪᠢᠰᠢ | ᠤᠭ ᠰᠣᠷᠪᠤᠯᠵᠢ ᠠᠴᠠ ᠨᠢ ᠵᠠᠰᠠᠬᠤ ᠶᠤᠮ᠃ | ᠬᠥᠯᠭᠡ ᠲᠠᠢ ᠪᠣᠯ ᠬᠦᠴᠦ ᠶᠡᠭᠡ | ᠴᠡᠭᠡᠷ ᠲᠠᠢ ᠪᠣᠯ ᠴᠢᠳᠠᠯ ᠶᠡᠭᠡ | ᠮᠤᠩᠭᠤᠯ ᠡᠮ ᠮᠦᠬᠦᠰᠢ ᠦᠭᠡᠢ ᠰᠣᠶᠣᠯ | ᠮᠤᠩᠭᠤᠯ ᠲᠦᠮᠡᠨ ᠤ ᠮᠥᠩᠬᠡ ᠶᠢᠨ ᠥᠪ᠃ | | |