ᠣᠳᠣᠬᠠᠨ᠎ᠠ ᠵᠢᠭᠤᠯᠴᠢᠯᠠᠯ ᠤᠨ ᠣᠶᠢᠢᠯᠡᠰ ᠨᠢ ᠬᠦᠮᠦᠰ ᠤᠨ ᠰᠤᠶᠤᠯ ᠤᠨ ᠠᠮᠢᠳᠤᠷᠠᠯ ᠤᠨ ᠴᠢᠬᠤᠯᠠ ᠨᠢᠭᠡᠨ | ᠠᠭᠤᠯᠭ᠎ᠠ ᠪᠤᠯᠵᠦ᠂ ᠡᠳ᠋ ᠪᠤᠳᠠᠰ ᠤᠨ ᠪᠤᠯᠪᠠᠰᠤᠨ ᠢ ᠨᠦᠬᠦᠪᠦᠷᠢᠯᠡᠬᠦ ᠤᠶᠤᠨ ᠰᠠᠨᠠᠭᠠᠨ ᠤ ᠬᠦᠮᠦᠵᠢᠯ ᠪᠠ | ᠬᠦᠷᠲᠡᠭᠡᠯ ᠤᠨ ᠦᠪᠡᠷᠮᠢᠴᠡ ᠬᠡᠯᠪᠡᠷᠢ ᠶᠢ ᠪᠦᠷᠢᠯᠳᠦᠭᠦᠯᠦᠭᠰᠡᠨ ᠪᠠᠶᠢᠨ᠎ᠠ᠃ ᠵᠢᠭᠤᠯᠴᠢᠯᠠᠯ ᠨᠢ ᠵᠢᠭᠤᠯᠴᠢᠯᠠᠭᠴᠢᠳ ᠲᠤ | ᠪᠠᠶᠢᠭᠠᠯᠢ ᠠᠬᠤᠢ ᠶᠢᠨ ᠦᠩᠭᠡ ᠦᠵᠡᠮᠵᠢ᠂ ᠬᠦᠮᠦᠨ ᠠᠷᠠᠳ ᠤᠨ ᠰᠤᠶᠤᠯ ᠲᠡᠦᠬᠡ᠂ ᠤᠷᠤᠨ ᠪᠦᠰᠡ ᠶᠢᠨ ᠠᠵᠦ | ᠠᠬᠤᠢ ᠡᠳ᠋ ᠠᠭᠤᠷᠰᠤᠨ ᠤ ᠪᠠᠶᠠᠯᠢᠭ ᠢ ᠰᠤᠨᠢᠷᠬᠠᠭᠤᠯᠵᠦ᠂ ᠦᠪᠡᠷᠮᠢᠴᠠ ᠰᠣᠨᠢᠨ ᠭᠠᠶᠢᠬᠠᠮᠰᠢᠭ ᠢᠶᠠᠷ ᠤᠶᠤᠨ | ᠰᠠᠨᠠᠭ᠎ᠠ ᠴᠤᠭ ᠰᠦᠯᠳᠡ ᠪᠠᠨ ᠬᠦᠭᠵᠢᠭᠡᠵᠣ᠂ ᠤᠨᠲᠠᠷᠠᠰᠢ ᠦᠭᠡᠢ ᠬᠦᠰᠡᠯ ᠲᠡᠮᠡᠦᠯᠤᠯ᠂ ᠭᠤᠶᠤ ᠰᠠᠶᠢᠬᠠᠨ ᠤ | ᠬᠦᠷᠲᠡᠭᠡᠯ ᠤᠯᠳᠠᠭ ᠪᠦᠭᠡᠳ ᠵᠢᠭᠤᠯᠴᠢᠯᠠᠯ ᠤᠨ ᠤᠷᠤᠨ ᠤ ᠨᠡᠷ᠎ᠡ ᠲᠦᠷᠦ ᠶᠢ ᠮᠠᠨᠳᠤᠭᠤᠯᠵᠦ᠂ ᠠᠵᠦ ᠠᠬᠤᠢ ᠶᠢᠨ | ᠤᠷᠤᠯᠭ᠎ᠠ ᠶᠢ ᠨᠡᠮᠡᠭᠳᠡᠬᠦᠯᠳᠡᠭ᠃ ᠲᠡᠶᠢᠮᠦ ᠪᠤᠯᠬᠤᠷ ᠬᠦᠮᠦᠰ ᠵᠢᠭᠤᠯᠴᠢᠯᠠᠯ ᠤᠨ ᠣᠶᠢᠯᠡᠰ ᠢ ︽ᠤᠲᠤᠭ᠎ᠠ ᠦᠭᠡᠢ | ᠦᠢᠯᠡᠳᠪᠦᠷᠢ︾ ᠭᠡᠵᠦ ᠡᠷᠬᠢᠮᠯᠡᠨ ᠴᠢᠬᠤᠯᠠᠴᠢᠯᠠᠬᠤ ᠪᠤᠯᠵᠦ᠂ ᠭᠠᠵᠠᠷ ᠪᠤᠯᠭᠠᠨ ᠳᠤ ︽ᠵᠢᠭᠤᠯᠴᠢᠯᠠᠯ ᠢᠶᠠᠷ | ᠬᠤᠰᠢᠭᠤ ᠪᠠᠨ ᠮᠠᠨᠳᠤᠭᠤᠯᠤᠨ᠎ᠠ︾᠂ ︽ᠵᠢᠭᠤᠯᠴᠢᠯᠠᠯ ᠢᠶᠠᠷ ᠡᠬᠡ ᠤᠷᠤᠨ ᠢᠶᠠᠨ ᠬᠦᠴᠦᠷᠬᠡᠭᠵᠢᠭᠦᠯᠦᠨ᠎ᠡ︾᠂ ︽ | ᠵᠢᠭᠤᠯᠴᠢᠯᠠᠯ ᠢᠶᠠᠷ ᠠᠷᠠᠳ ᠢᠶᠠᠨ ᠪᠠᠶᠠᠵᠢᠭᠤᠯᠤᠨ᠎ᠠ︾ ᠭᠡᠰᠡᠨ ᠤᠷᠢᠶᠠᠯᠠᠯ ᠬᠦᠭᠵᠢᠶᠡᠨ ᠲᠠᠢ ᠦᠷᠨᠢᠵᠦ᠂ ︽ᠠᠮᠢ | ᠠᠬᠤᠢ ᠶᠢᠨ ᠵᠢᠭᠤᠯᠴᠢᠯᠠᠯ ᠤᠨ ᠭᠠᠵᠠᠷ︾ ᠪᠠᠶᠢᠭᠤᠯᠬᠤ ᠶᠢ ᠣᠷᠤᠨ ᠨᠣᠳᠤᠭ ᠪᠣᠶᠣ ᠠᠷᠠᠳ ᠣᠯᠠᠨ ᠤ ᠤᠷᠤᠯᠭ᠎ᠠ ᠶᠢ | ᠨᠡᠮᠡᠭᠳᠡᠭᠦᠯᠬᠦ ᠴᠢᠬᠤᠯᠠ ᠠᠷᠭ᠎ᠠ ᠬᠡᠯᠪᠡᠷᠢ ᠪᠤᠯᠭᠠᠵᠦ᠂ ᠳᠡᠭᠡᠷ᠎ᠡ ᠠᠴᠠ ᠳᠤᠷᠤᠭᠰᠢ ᠡᠯ᠎ᠡ ᠵᠦᠢᠯ ᠤᠨ ᠲᠦᠷᠦ ᠶᠢᠨ | ᠪᠤᠳᠤᠯᠭ᠎ᠠ ᠶᠢᠨ ᠵᠢᠯᠤᠭᠤᠳᠤᠮᠵᠢ ᠬᠦᠲᠦᠯᠦᠮᠵᠢ ᠲᠠᠢ ᠪᠠᠷ ᠬᠢᠵᠦ ᠪᠠᠶᠢᠨ᠎ᠠ᠃ ᠭᠡᠪᠡᠴᠦ ᠵᠢᠭᠤᠯᠴᠢᠯᠠᠯ ᠭᠡᠭᠴᠢ ᠶᠠᠭᠤ | ᠪᠤᠯᠬᠤ ᠶᠢ ᠮᠡᠳᠡᠬᠦ ᠦᠭᠡᠢ᠂ ᠵᠢᠭᠤᠯᠴᠢᠯᠠᠯ ᠢ ᠦᠪᠡᠷ ᠤᠨ ᠭᠠᠵᠠᠷ ᠤᠷᠤᠨ ᠤ ᠪᠠᠨ ᠪᠤᠳᠠᠲᠤ ᠪᠠᠶᠢᠳᠠᠯ ᠳᠤ | ᠵᠤᠬᠢᠴᠠᠭᠤᠯᠤᠨ ᠤᠶᠠᠯᠳᠤᠭᠤᠯᠤᠭᠰᠠᠨ ᠢᠶᠠᠷ ᠬᠦᠷᠦᠯᠴᠡᠬᠦ ᠦᠭᠡᠢ᠂ ᠲᠤᠬᠠᠶᠢᠯᠠᠭᠰᠠᠨ ᠠᠵᠢᠯ ᠤᠨ ᠮᠡᠳᠡᠯᠭᠡ ᠪᠠ | ᠬᠦᠭᠵᠢᠯᠲᠡ ᠶᠢᠨ ᠲᠦᠰᠦᠪ ᠲᠦᠯᠦᠪᠯᠡᠭᠡ ᠦᠭᠡᠢ ᠵᠡᠷᠭᠡ ᠤᠯᠠᠨ ᠵᠦᠢᠯ ᠠᠴᠠ ᠰᠢᠯᠲᠠᠭᠠᠯᠠᠭᠳᠠᠨ ᠵᠢᠭᠤᠯᠴᠢᠯᠠᠯ ᠨᠢ | ᠠᠮᠢ ᠠᠬᠤᠢ ᠶᠢ ᠡᠪᠳᠡᠬᠦ᠂ ᠪᠤᠬᠢᠷᠳᠣᠭᠤᠯᠬᠤ ᠵᠡᠷᠭᠡ ᠰᠢᠨ᠎ᠡ ᠠᠷᠬᠠᠭ ᠭᠡᠮ ᠲᠠᠭᠠᠯᠳᠤᠨ ᠪᠤᠢ ᠪᠤᠯᠵᠤ ᠪᠠᠶᠢᠭ᠎ᠠ ᠶᠢ | ᠪᠢᠳᠡ ᠠᠩᠬᠠᠷᠤᠭᠤᠰᠢᠲᠠᠢ ᠪᠠᠶᠢᠨ᠎ᠠ᠃ | ᠠᠮᠢ ᠠᠬᠤᠢ ᠶᠢᠨ ᠵᠢᠭᠤᠯᠴᠢᠯᠠᠯ ᠭᠡᠵᠦ ᠶᠠᠭᠤ ᠪᠤᠢ | ᠤᠯᠠᠨ ᠤᠯᠤᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠬᠤᠯᠪᠤᠭᠠᠨ ︵IUCN︶ ᠤ ᠤᠨᠴᠠ ᠳᠡᠰ ᠤᠨ | ᠵᠦᠪᠯᠡᠭᠴᠢ᠂ ᠮᠤᠰᠢᠺᠦ ᠶᠢᠨ ᠬᠠ᠊ · ᠰᠤᠪᠠᠶᠢᠷᠰ · ᠯᠠᠰᠺᠦᠷᠢᠨ ᠭᠡᠳᠡᠭ ᠡᠷᠳᠡᠮᠲᠡᠨ 1983 ᠤᠨ ᠳᠤ ︽ᠠᠮᠢ | ᠠᠬᠤᠢ ᠶᠢᠨ ᠵᠢᠭᠤᠯᠴᠢᠯᠠᠯ ᠤᠨ ᠤᠬᠠᠬᠳᠠᠬᠤᠨ︾ ᠢ ᠠᠩᠬ᠎ᠠ ᠳᠤᠷᠠᠳᠬᠤ ᠳᠠᠭᠠᠨ ︽ᠪᠠᠶᠢᠭᠠᠯᠢᠯᠢᠭ ᠦᠩᠭᠡ | ᠦᠵᠡᠮᠵᠢ ᠶᠢ ᠰᠤᠨᠢᠷᠬᠠᠨ ᠦᠵᠡᠬᠦ ᠵᠢᠭᠤᠯᠴᠢᠯᠠᠯ ᠨᠢ ᠦᠵᠡᠵᠦ ᠰᠤᠨᠢᠷᠬᠠᠵᠦ ᠪᠠᠶᠢᠭ᠎ᠠ ᠵᠦᠢᠯ ᠳᠡᠭᠡᠨ ᠶᠠᠮᠠᠷᠴᠤ | ᠬᠤᠬᠢᠷᠠᠯ ᠤᠴᠠᠷᠠᠭᠤᠯᠬᠤ ᠦᠭᠡᠢ ᠪᠠᠶᠢᠬᠤ ᠠᠶᠠᠯᠠᠯ ᠵᠢᠭᠤᠯᠴᠢᠯᠠᠯ ᠢ ᠬᠡᠯᠡᠵᠦ ᠪᠠᠶᠢᠨ᠎ᠠ︾ ᠬᠡᠮᠡᠨ ᠵᠢᠭᠠᠵᠦ ᠭᠠᠷᠭᠠᠪᠠ᠃ | ᠡᠷᠳᠡᠮᠲᠡᠨ ᠴᠧᠨ ᠶᠢᠦ ᠵᠦᠡᠭ 1996 ᠤᠨ ᠳᠤ᠂ ︽ᠪᠠᠶᠢᠭᠠᠯᠢ ᠶᠢ ᠰᠡᠷᠡᠨ ᠮᠡᠳᠡᠷᠡᠵᠦ ᠬᠡᠰᠢᠭ ᠬᠦᠷᠲᠡᠭᠡᠯ ᠡᠳ᠋ᠯᠡᠬᠦ | ᠪᠠ ᠪᠠᠶᠢᠭᠠᠯᠢ ᠶᠢ ᠲᠠᠨᠢᠬᠤ ᠪᠤᠯᠤᠨ ᠰᠤᠳᠤᠯᠬᠤ ᠶᠢ ᠤᠶᠠᠯᠳᠤᠭᠤᠯᠬᠤ ᠵᠢᠴᠢ ᠪᠠᠶᠢᠭᠠᠯᠢ ᠶᠢ ᠬᠠᠮᠠᠭᠠᠯᠠᠬᠤ ᠪᠠ | ᠬᠦᠭᠵᠢᠭᠦᠯᠬᠦ ᠠᠵᠢᠯᠯᠠᠭ᠎ᠠ ᠶᠢᠨ ᠨᠢᠭᠡᠳᠦᠯᠲᠡᠢ ᠴᠤᠭᠴᠠ ᠶᠢ ᠠᠮᠢ ᠠᠬᠤᠢ ᠶᠢᠨ ᠵᠢᠭᠤᠯᠴᠢᠯᠠᠯ ᠭᠡᠨ᠎ᠡ︾ ᠬᠡᠮᠡᠨ | ᠳᠤᠷᠠᠳᠪᠠ᠃ 21 ᠳ᠋ᠤᠭᠡᠷ ᠵᠠᠭᠤᠨ ᠤ ᠡᠬᠢᠨ ᠳᠤ᠂ ᠳᠡᠯᠡᠬᠡᠢ ᠶᠢᠨ ᠵᠢᠭᠤᠯᠴᠢᠯᠠᠯ ᠤᠨ ᠦᠢᠯᠡᠰ ᠤᠨ ᠵᠤᠬᠢᠶᠠᠨ | ᠪᠠᠶᠢᠭᠤᠯᠤᠯᠲᠠ ᠶᠢᠨ ᠨᠠᠷᠢᠨ ᠪᠢᠴᠢᠭ ᠤᠨ ᠳᠠᠷᠤᠭ᠎ᠠ ᠹᠷᠠᠩᠺᠠᠷᠢ ︽ᠠᠮᠢ ᠠᠬᠤᠢ ᠶᠢᠨ ᠵᠢᠭᠤᠯᠴᠢᠯᠠᠯ ᠪᠤᠯᠤᠨ | ᠦᠷᠭᠦᠯᠵᠢᠯᠡᠨ ᠬᠦᠭᠵᠢᠭᠦᠯᠬᠦ ᠨᠢ ᠲᠤᠯᠭᠠᠮ ᠪᠠᠴᠢᠮ ᠲᠡᠦᠬᠡᠲᠦ ᠡᠭᠦᠷᠭᠡ ᠪᠤᠯᠵᠦ᠂ ᠠᠵᠦ ᠠᠬᠤᠢ ᠶᠢᠨ ᠠᠵᠢᠯᠯᠠᠭ᠎ᠠ ᠶᠢ | ᠤᠷᠮᠠᠰᠢᠭᠤᠯᠵᠦ᠂ ᠶᠠᠳᠠᠭᠤᠷᠠᠯ ᠢ ᠪᠠᠭᠠᠰᠬᠠᠬᠤ᠂ ᠬᠠᠮᠤᠭ ᠤᠨ ᠶᠠᠳᠠᠭᠤ ᠪᠠᠭᠤᠷᠠᠢ ᠬᠦᠮᠦᠰ ᠲᠤ ᠠᠮᠢᠳᠤᠷᠠᠯ ᠤᠨ ᠵᠠᠮ | ᠤᠯᠭᠤᠬᠤ ᠠᠷᠭ᠎ᠠ ᠬᠡᠯᠪᠡᠷᠢ ᠪᠤᠯᠵᠦ ᠪᠠᠶᠢᠨ᠎ᠠ︾ ᠭᠡᠰᠡᠨ ᠪᠠᠶᠢᠨ᠎ᠠ᠃ | ᠦᠪᠦᠷ ᠮᠤᠩᠭᠤᠯ ᠤᠨ ᠠᠮᠢ ᠠᠬᠤᠢ ᠶᠢᠨ ᠵᠢᠭᠤᠯᠴᠢᠯᠠᠯ ᠶᠠᠮᠠᠷ ᠪᠤᠢ | ᠦᠨᠳᠦᠰᠦᠨ ᠤᠬᠠᠬᠳᠠᠬᠤᠨ ᠤ ᠲᠠᠯ᠎ᠠ ᠪᠠᠷ ᠲᠤᠳᠤᠷᠬᠠᠢ ᠵᠦᠪ ᠤᠶᠢᠯᠠᠭᠠᠯᠲᠠ ᠲᠠᠢ ᠪᠤᠯᠵᠦ ᠴᠢᠳᠠᠭ᠎ᠠ | ᠦᠭᠡᠢ ᠠᠴᠠ ᠤᠯᠠᠨ ᠠᠷᠪᠢᠨ ᠪᠠᠯᠠᠷᠬᠠᠢ ᠵᠦᠢᠯ ᠨᠢ ᠰᠠᠭᠠᠳ ᠲᠤᠳᠬᠠᠷ ᠪᠤᠯᠵᠦ ᠪᠠᠶᠢᠨ᠎ᠠ᠃ ᠦᠪᠡᠷ ᠤᠨ ᠪᠡᠶ᠎ᠡ ᠪᠠ | ᠤᠷᠤᠰᠢᠨ ᠪᠠᠶᠢᠭ᠎ᠠ ᠭᠠᠵᠠᠷ ᠤᠷᠤᠨ ᠤ ᠪᠠᠨ ︽ᠠᠮᠢ ᠠᠬᠤᠢ ᠶᠢᠨ ᠬᠠᠷᠢᠴᠠᠭ᠎ᠠ︾ ᠶᠢ ᠲᠤᠩ ᠢᠪᠴᠤᠤ ᠲᠠᠯ᠎ᠠ ᠠᠴᠠ | ᠤᠶᠢᠯᠠᠭᠠᠵᠦ᠂ ᠵᠢᠭᠤᠯᠴᠢᠯᠠᠯ ᠤᠨ ᠦᠢᠯᠡᠰ ᠨᠢ ᠪᠦᠬᠦ ᠲᠠᠯ᠎ᠠ ᠳᠤ ᠶᠠᠭᠤ ᠪᠤᠯᠬᠤ ᠶᠢ ᠰᠡᠳᠭᠢᠨ ᠪᠤᠳᠤᠬᠤ ᠪᠠᠷ ᠲᠣᠳᠠᠮᠠᠭ | ᠪᠠᠶᠢᠨ᠎ᠠ᠃ | ᠵᠦᠪᠬᠡᠨ ᠲᠠᠯ᠎ᠠ ᠨᠤᠲᠤᠭ ᠤᠨ ᠢᠶᠠᠨ ᠡᠪᠡᠰᠦ ᠤᠷᠭᠤᠮᠠᠯ ᠢ ᠯᠡ ᠠᠮᠢ ᠠᠬᠤᠢ ᠶᠢᠨ ᠵᠦᠢᠯ ᠢᠶᠠᠷ ᠦᠵᠡᠵᠦ᠂ | ᠢᠷᠡᠬᠦ ᠵᠤᠴᠢᠳ ᠢᠶᠠᠨ ᠠᠮᠢ ᠠᠬᠤᠢ ᠶᠢᠨ ᠬᠦᠷᠢᠶ᠎ᠡ ᠬᠡᠪᠴᠢᠶᠡᠨ ᠳᠤ ᠪᠠᠭᠲᠠᠭᠠᠬᠤ ᠦᠭᠡᠢ᠂ ᠵᠢᠭᠤᠯᠴᠢᠯᠠᠭᠴᠢᠳ ᠤᠨ | ᠦᠢᠯᠡ ᠬᠦᠳᠡᠯᠭᠡᠭᠡᠨ ᠢ ᠨᠢ ᠠᠮᠢ ᠠᠬᠤᠢ ᠶᠢᠨ ᠬᠠᠮᠠᠭᠠᠯᠠᠯᠲᠠ ᠲᠠᠢ ᠠᠮᠢᠳᠣᠯᠢᠭ ᠢᠶᠠᠷ ᠣᠶᠠᠯᠳᠣᠭᠤᠯᠬᠤ ᠶᠢ | ᠪᠤᠳᠤᠯᠬᠢᠯᠠᠬᠤ ᠦᠭᠡᠢ ᠪᠠᠶᠢᠨ᠎ᠠ᠃ ᠦᠪᠡᠷ ᠤᠨ ᠪᠡᠶᠡᠴᠢ ᠲᠠᠯ᠎ᠠ ᠶᠢ ᠴᠢᠬᠤᠯᠠᠴᠢᠯᠠᠵᠦ᠂ ᠠᠮᠢ ᠠᠬᠤᠢ ᠤᠷᠴᠢᠨ | ᠲᠤᠭᠤᠷᠢᠨ ᠢᠶᠠᠨ ᠵᠦᠪᠬᠡᠨ ᠦᠪᠡᠷ ᠤᠨ ᠤᠴᠢᠷ ᠶᠠᠪᠤᠳᠠᠯ ᠢᠶᠠᠷ ᠦᠵᠡᠵᠦ ᠪᠠᠶᠢᠨ᠎ᠠ᠃ | ᠠᠵᠦ ᠠᠬᠤᠢ ᠶᠢᠨ ᠦᠷ᠎ᠡ ᠠᠰᠢᠭ ᠢ ᠬᠡᠲᠦ ᠴᠢᠬᠤᠯᠠᠴᠢᠯᠠᠵᠦ᠂ ᠠᠮᠢ ᠠᠬᠤᠢ ᠪᠠ ᠤᠷᠴᠢᠨ ᠲᠤᠭᠤᠷᠢᠨ ᠤ | ᠡᠪᠳᠡᠭᠳᠡᠯ ᠢ ᠠᠩᠬᠠᠷᠬᠤ ᠦᠭᠡᠢ ᠪᠠᠶᠢᠨ᠎ᠠ᠃ ᠵᠢᠭᠤᠯᠴᠢᠯᠠᠬᠴᠢᠳ ᠢᠷᠡᠭᠰᠡᠨ ᠤ ᠲᠠᠷᠠᠭ᠎ᠠ ᠵᠦᠪᠬᠡᠨ ᠢᠳᠡᠭᠦᠯᠵᠣ | ᠣᠣᠭᠤᠯᠭᠠᠬᠤ ᠪᠠᠷ ᠭᠤᠤᠯᠳᠠᠭᠤᠯᠵᠦ᠂ ᠦᠢᠯᠡᠴᠢᠯᠡᠭᠡᠨ ᠤ ᠲᠠᠯ᠎ᠠ ᠪᠠᠷ ᠲᠣᠬᠠᠢ ᠶᠢᠨ ᠭᠠᠵᠠᠷ ᠣᠷᠣᠨ ᠤ ᠪᠠᠨ ᠲᠡᠦᠬᠡ | ᠰᠤᠶᠤᠯ᠂ ᠵᠠᠩ ᠦᠢᠯᠡ᠂ ᠭᠤᠸ᠎ᠠ ᠰᠠᠶᠢᠬᠠᠨ ᠢ ᠲᠠᠨᠢᠯᠴᠠᠭᠤᠯᠬᠤ ᠲᠠᠯ᠎ᠠ ᠪᠠᠷ ᠬᠦᠷᠦᠯᠴᠡᠬᠦ ᠦᠭᠡᠢ ᠪᠠᠶᠢᠨ᠎ᠠ᠃ | ᠤᠷᠤᠨ ᠨᠤᠲᠤᠭ ᠤᠨ ᠦᠪᠡᠷᠮᠢᠴᠡ ᠤᠨᠴᠠᠯᠢᠭᠲᠤ ᠵᠢᠭᠤᠯᠴᠢᠯᠠᠯ ᠤᠨ ᠦᠢᠯᠡᠴᠢᠯᠡᠭᠡ ᠲᠤᠲᠠᠭᠤ᠂ ᠪᠦᠷ ᠢᠵᠢᠯᠢ | ᠨᠢᠭᠡᠨ ᠵᠠᠭᠪᠤᠷ ᠪᠣᠯᠵᠦ᠂ ᠤᠷᠤᠨ ᠨᠤᠲᠤᠭ ᠤᠨ ᠦᠨᠳᠦᠰᠦᠲᠡᠨ ᠤ ᠤᠨᠴᠠᠯᠢᠭ ᠢᠶᠠᠨ ᠠᠯᠳᠠᠵᠣ ᠪᠠᠶᠢᠨ᠎ᠠ᠃ | ᠤᠬᠠᠬᠳᠠᠬᠤᠨ ᠤ ᠲᠠᠯ᠎ᠠ ᠶᠢᠨ ᠪᠤᠷᠤᠭᠤ ᠦᠵᠡᠯᠲᠡ ᠲᠠᠨᠢᠯᠲᠠ ᠠᠴᠠ ᠪᠤᠯᠵᠦ᠂ ᠦᠪᠦᠷ ᠮᠤᠩᠭᠤᠯ ᠤᠨ ᠲᠠᠯ᠎ᠠ | ᠨᠤᠲᠤᠭ ᠤᠨ ᠠᠮᠢ ᠠᠬᠤᠢ ᠶᠢᠨ ᠨᠡᠭᠡᠭᠡᠨ ᠬᠦᠭᠵᠢᠭᠦᠯᠦᠯᠲᠡ ᠶᠢᠨ ᠤᠳᠤᠬᠢ ᠪᠠᠶᠢᠳᠠᠯ ᠳᠤ ᠳᠤᠤᠷᠠᠬᠢ ᠮᠡᠳᠣ | ᠠᠰᠠᠭᠤᠳᠠᠯ ᠮᠠᠰᠢ ᠲᠦᠪᠯᠡᠷᠡᠩᠭᠦᠢ ᠤᠷᠤᠰᠢᠵᠦ ᠪᠠᠶᠢᠨ᠎ᠠ᠃ ᠴᠦᠯᠪᠡᠨ ᠳᠡᠭᠡᠷᠡᠮᠳᠡᠬᠦ ᠬᠡᠯᠪᠡᠷᠢ ᠪᠠᠷ ᠡᠵᠡᠩᠨᠡᠵᠦ ᠪᠠᠶᠢᠨ᠎ᠠ᠃ | ᠮᠠᠯᠴᠢᠳ ᠤᠨ ᠨᠤᠲᠤᠭ ᠪᠡᠯᠴᠢᠭᠡᠷ ᠪᠣᠶᠣ ᠤᠩᠭᠤᠨ ᠳᠠᠷᠬᠠᠨ ᠠᠭᠤᠯᠠ ᠤᠰᠤ ᠶᠢ ᠵᠢᠭᠤᠯᠴᠢᠯᠠᠯ ᠤᠨ ᠨᠡᠷ᠎ᠡ ᠪᠠᠷ | ᠡᠵᠡᠯᠡᠨ ᠠᠪᠴᠤ᠂ ᠦᠵᠡᠮᠵᠢ ᠶᠢᠨ ᠤᠷᠤᠨ ᠪᠤᠯᠭᠠᠬᠤ ᠨᠡᠷ᠎ᠡ ᠪᠠᠷ ᠪᠠᠶᠢᠭᠠᠯᠢᠯᠢᠭ ᠳᠦᠷᠰᠦ ᠪᠠᠶᠢᠳᠠᠯ ᠢ ᠨᠢ | ᠬᠤᠪᠢᠷᠠᠭᠤᠯᠤᠨ᠂ ᠡᠳ᠋ ᠪᠤᠳᠠᠰ ᠢ ᠪᠦᠷᠢᠯᠭᠡᠨ ᠰᠦᠢᠳᠭᠡᠵᠦ᠂ ᠦᠨᠳᠦᠰᠦᠲᠡᠨ ᠤ ᠲᠡᠦᠬᠡ ᠰᠤᠶᠤᠯ ᠢ ᠤᠰᠠᠳᠬᠠᠨ᠂ | ᠠᠷᠠᠳ ᠤᠨ ᠵᠠᠩ ᠦᠢᠯᠡ ᠶᠢ ᠲᠠᠯᠬᠢᠬᠳᠠᠵᠦ ᠪᠠᠶᠢᠨ᠎ᠠ᠃ ᠬᠦᠯᠦᠨ ᠪᠤᠶᠢᠷ ᠤᠨ ᠰᠢᠨ᠎ᠡ ᠪᠠᠷᠭᠤ ᠪᠠᠷᠠᠭᠤᠨ | ᠬᠤᠰᠢᠭᠤᠨ ᠤ ᠪᠤᠭᠳᠠ ᠠᠭᠤᠯᠠ ᠪᠣᠯ ᠪᠠᠷᠭᠤ ᠲᠦᠮᠡᠨ ᠤ ᠰᠦᠭ ᠰᠦᠯᠳᠡ ᠪᠤᠯᠤᠭᠰᠠᠨ ᠲᠡᠦᠬᠡᠨ ᠳᠤᠷᠠᠰᠬᠠᠯᠲᠤ | ᠭᠠᠵᠠᠷ ᠪᠣᠯᠬᠤ ᠶᠤᠮ᠃ ᠤᠳᠤ ᠵᠢᠭᠤᠯᠴᠢᠯᠠᠯ ᠢ ᠬᠦᠭᠵᠢᠭᠦᠯᠬᠦ ᠨᠡᠷ᠎ᠡ ᠪᠠᠷ ᠤᠩᠭᠤᠨ ᠳᠠᠷᠬᠠᠨ ᠪᠠᠶᠢᠭᠠᠯᠢᠯᠢᠭ ᠳᠦᠷᠰᠦ | ᠪᠠᠶᠢᠳᠠᠯ ᠢ ᠨᠢ ᠡᠮᠣᠨ᠎ᠠ ᠤᠷᠣᠨ ᠤ ᠵᠢᠭᠤᠯᠴᠢᠯᠠᠯ ᠤᠨ ᠠᠭᠤᠯᠠ ᠮᠡᠲᠦ ᠦᠭᠡᠷᠡᠴᠢᠯᠡᠨ ᠬᠤᠪᠢᠷᠠᠭᠤᠯᠵᠦ᠂ ᠱᠠᠲᠤ | ᠳᠡᠪᠢᠰᠴᠦ ᠬᠦᠷᠢᠶ᠎ᠡ ᠲᠠᠲᠠᠭᠠᠳ᠂ ᠢᠵᠠᠭᠤᠷ ᠰᠤᠶᠤᠯ ᠢ ᠬᠠᠰᠢᠶᠠᠯᠠᠨ ᠤᠰᠠᠳᠬᠠᠬᠤ ᠵᠠᠮ ᠳᠤ ᠰᠢᠬᠠᠨ | ᠤᠷᠤᠭᠤᠯᠤᠭᠰᠠᠨ ᠪᠠᠶᠢᠨ᠎ᠠ᠃ | ᠵᠦᠪᠬᠡᠨ ᠢᠳᠡᠵᠣ ᠤᠤᠭᠤᠬᠤ ᠲᠦᠭᠦᠭᠡᠷᠦᠮᠵᠢ ᠳᠡᠭᠡᠨ ᠪᠡᠯᠡ ᠣᠷᠣᠭᠤᠯᠵᠣ᠂ ᠮᠤᠩᠭᠤᠯ ᠠᠮᠢᠳᠤᠷᠠᠯ ᠪᠠᠶᠢᠭᠠᠯᠢ | ᠠᠬᠤᠢ ᠲᠠᠢ ᠪᠠᠨ ᠬᠡᠷᠬᠢᠨ ᠵᠤᠬᠢᠴᠠᠵᠦ ᠪᠠᠶᠢᠳᠠᠭ ᠢ ᠤᠮᠳᠤᠭᠠᠶᠢᠯᠠᠵᠦ ᠪᠠᠶᠢᠨ᠎ᠠ᠃ | ᠠᠮᠢ ᠠᠬᠤᠢ ᠶᠢᠨ ᠵᠢᠭᠤᠯᠴᠢᠯᠠᠯ ᠤᠨ ᠨᠡᠷ᠎ᠡ ᠶᠢ ᠡᠷᠭᠦᠭᠡᠳ ᠠᠮᠢ ᠠᠬᠤᠢ ᠪᠠᠨ ᠡᠪᠳᠡᠬᠦ ᠠᠵᠢᠯᠯᠠᠭ᠎ᠠ ᠬᠢᠵᠦ | ᠪᠠᠶᠢᠨ᠎ᠠ᠃ ᠵᠢᠱᠢᠶᠡᠯᠡᠪᠡᠯ ᠬᠢᠮᠡᠯ ᠤᠪᠤᠭ᠎ᠠ᠂ ᠬᠢᠮᠡᠯ ᠨᠠᠭᠤᠷ᠂ ᠬᠢᠮᠡᠯ ᠦᠵᠡᠮᠵᠢ ᠭᠠᠷᠭᠠᠵᠦ ᠪᠠᠶᠢᠭᠠᠯᠢᠯᠢᠭ ᠪᠠᠶᠢᠳᠠᠯ ᠢ | ᠡᠪᠳᠡᠵᠦ ᠪᠠᠶᠢᠨ᠎ᠠ᠃ | ᠤᠯᠠᠩᠭᠢ ᠵᠢᠭᠤᠯᠴᠢᠯᠠᠯ ᠤᠨ ᠭᠠᠵᠠᠷ ᠢ ᠦᠨᠳᠦᠰᠦᠲᠡᠨ ᠤ ᠰᠤᠶᠤᠯ ᠲᠡᠦᠬᠡ ᠶᠢ ᠮᠡᠳᠡᠳᠡᠭ ᠪᠤᠶᠤ | ᠬᠦᠨᠳᠦᠳᠭᠡᠳᠡᠭ ᠬᠦᠮᠦᠨ ᠡᠷᠬᠢᠯᠡᠵᠦ ᠪᠠᠶᠢᠭ᠎ᠠ ᠪᠢᠰᠢ᠂ ᠬᠠᠷᠢᠨ ᠵᠤᠭᠤᠰ ᠤᠯᠬᠤ ᠵᠤᠷᠢᠯᠲᠠ ᠠᠴᠠ ᠡᠭᠦᠰᠦᠭᠰᠡᠨ | ᠬᠦᠮᠦᠰ ᠡᠷᠬᠢᠯᠡᠵᠦ᠂ ᠮᠤᠩᠭᠤᠯ ᠬᠦᠮᠦᠨ ᠮᠤᠩᠭᠤᠯ ᠭᠠᠵᠠᠷ ᠢ ᠲᠠᠨᠢᠯᠴᠠᠭᠤᠯᠬᠤ ᠪᠢᠰᠢ᠂ ᠬᠢᠲᠠᠳ ᠰᠤᠶᠤᠯ ᠢᠶᠠᠷ | ᠮᠤᠩᠭᠤᠯ ᠵᠠᠩ ᠦᠢᠯᠡ ᠲᠡᠦᠬᠡ ᠰᠤᠶᠤᠯ ᠢ ᠤᠷᠤᠯᠠᠭᠤᠯᠵᠦ᠂ ᠮᠤᠩᠭᠤᠯ ᠤᠨ ᠲᠡᠦᠬᠡᠲᠦ ᠬᠡᠷᠡᠭ ᠲᠡᠦᠬᠡᠲᠦ ᠬᠦᠮᠦᠨ | ᠪᠤᠯᠤᠨ ᠮᠤᠩᠭᠤᠯ ᠵᠠᠩ ᠦᠢᠯᠡ ᠶᠢ ᠭᠠᠵᠢᠭᠤᠳᠠᠭᠤᠯᠤᠨ ᠪᠤᠷᠤᠭᠤ ᠵᠦᠷᠢᠭᠦᠦ ᠶᠠᠷᠢᠵᠦ᠂ ᠬᠤᠳᠠᠯ ᠶᠠᠭᠤᠮ᠎ᠠ ᠪᠠᠷ | ᠵᠢᠭᠤᠯᠴᠢᠯᠠᠬᠴᠢᠳ ᠢ ᠮᠡᠬᠡᠯᠡᠨ᠂ ᠮᠤᠩᠭᠤᠯ ᠬᠦᠮᠦᠨ ᠤ ᠨᠡᠷ᠎ᠡ ᠲᠦᠷᠦ ᠶᠢ ᠭᠤᠲᠤᠭᠠᠨ᠂ ᠮᠤᠩᠭᠤᠯ ᠲᠡᠦᠬᠡ ᠰᠤᠶᠤᠯ ᠢ | ᠤᠰᠠᠳᠬᠠᠨ ᠰᠦᠢᠷᠡᠭᠦᠯᠬᠦ ᠳᠤ ᠬᠦᠷᠴᠦ ᠪᠠᠶᠢᠨ᠎ᠠ᠃ | ᠮᠠᠯᠵᠢᠬᠤ ᠤᠷᠤᠨ ᠤ ᠠᠮᠢ ᠠᠬᠤᠢ ᠶᠢᠨ ᠵᠢᠭᠤᠯᠴᠢᠯᠠᠯ ᠤᠨ ᠡᠬᠢ ᠪᠠᠶᠠᠯᠢᠭ ᠵᠢᠴᠢ ᠦᠨᠳᠦᠰᠦᠨ ᠤᠨᠴᠠᠯᠢᠭ | ᠮᠣᠩᠭᠤᠯ ᠣᠷᠣᠨ ᠳᠤ ᠲᠠᠯ᠎ᠠ ᠨᠤᠲᠤᠭ᠂ ᠮᠠᠯ ᠰᠦᠷᠦᠭ᠂ ᠮᠠᠯᠴᠢᠨ ᠭᠤᠷᠪᠠ ᠪᠠᠶᠢᠳᠠᠭ᠃ ᠠᠭᠤᠯᠠ ᠤᠰᠤ᠂ | ᠡᠪᠡᠰᠦ ᠤᠷᠭᠤᠮᠠᠯ᠂ ᠨᠠᠷᠠ ᠰᠠᠯᠬᠢ ᠮᠡᠳᠣ ᠶᠢᠨ ᠪᠠᠶᠢᠭᠠᠯᠢ ᠳᠡᠯᠡᠬᠡᠢ ᠶᠢᠨ ᠤᠯᠠᠨ ᠠᠷᠪᠢᠨ ᠦᠵᠡᠭᠳᠡᠯ ᠵᠢᠴᠢ ᠠᠮᠢᠲᠠᠨ | ᠠᠷᠢᠶᠠᠲᠠᠨ ᠬᠢᠭᠡᠳ ᠲᠡᠳᠡᠨ ᠤ ᠤᠷᠤᠰᠢᠨ ᠠᠮᠢᠳᠤᠷᠠᠬᠤ ᠤᠷᠴᠢᠨ ᠠᠬᠤᠢ᠂ ᠠᠮᠢᠳᠤᠷᠠᠬᠤ ᠤᠬᠠᠭᠠᠨ᠂ ᠠᠷᠭ᠎ᠠ | ᠬᠡᠯᠪᠡᠷᠢ ᠠᠯᠢᠪᠠ ᠪᠦᠬᠦᠨ ᠨᠢ ᠲᠠᠯ᠎ᠠ ᠨᠤᠲᠤᠭ ᠭᠡᠳᠡᠭ ᠠᠷᠢᠭᠤᠨ ᠳᠠᠷᠬᠠᠨ ᠤᠷᠤᠨ ᠤ ᠪᠦᠲᠦᠴᠡ ᠪᠦᠷᠢᠯᠳᠦᠬᠦᠨ ᠮᠥᠨ | ᠃ ᠡᠪᠡᠰᠦ ᠪᠡᠯᠴᠢᠭᠡᠷ᠂ ᠤᠰᠤ ᠴᠢᠭᠢᠭ᠂ ᠨᠠᠷᠠ ᠰᠠᠷ᠎ᠠ᠂ ᠤᠳᠤᠨ ᠭᠠᠷᠠᠭ᠂ ᠰᠠᠯᠬᠢ ᠵᠢᠪᠠᠷ᠂ ᠳᠠᠭᠤ ᠴᠢᠮᠡᠭᠡ ᠵᠡᠷᠭᠡ | ᠪᠠᠶᠢᠭᠠᠯᠢ ᠠᠬᠤᠢ ᠠᠴᠠ ᠪᠠᠨ ᠰᠢᠮ᠎ᠡ ᠲᠡᠵᠢᠭᠡᠯ ᠬᠦᠷᠳᠡᠨ ᠬᠦᠴᠦ ᠲᠠᠷᠭᠤ ᠠᠪᠴᠤ ᠣᠷᠴᠢᠨ ᠲᠣᠭᠤᠷᠢᠨ ᠲᠠᠢ ᠪᠠᠨ | ᠵᠤᠬᠢᠴᠠᠨ ᠠᠮᠢᠳᠤᠷᠠᠵᠦ᠂ ᠦᠷᠡᠵᠢᠨ ᠲᠦᠯᠵᠢᠵᠣ᠂ ᠤᠯᠳᠠᠰᠢ ᠦᠭᠡᠢ ᠬᠤᠪᠤᠷ ᠴᠤᠬᠠᠭ ᠡᠷᠳᠡᠨᠢᠰ ᠤᠨ ᠭᠠᠷᠤᠯᠲᠠ ᠪᠠ | ᠠᠰᠢᠭ ᠰᠢᠮ᠎ᠡ ᠪᠠᠨ ᠬᠦᠮᠦᠨ ᠠᠷᠠᠳ ᠲᠤ ᠬᠠᠷᠠᠮ ᠦᠭᠡᠢ ᠬᠠᠨᠳᠢᠪᠯᠠᠳᠠᠭ ᠲᠠᠪᠣᠨ ᠬᠤᠰᠢᠭᠤ ᠪᠣᠯ ᠮᠠᠨ ᠤ ᠬᠡᠯᠡᠳᠡᠭ | ᠮᠠᠯ ᠰᠦᠷᠦᠭ ᠮᠥᠨ᠃ | ᠪᠠᠶᠢᠭᠠᠯᠢ ᠠᠬᠤᠢ᠂ ᠭᠠᠵᠠᠷ ᠵᠦᠢ ᠪᠣᠯᠣᠨ ᠠᠭᠤᠷ ᠠᠮᠢᠰᠬᠤᠯ ᠢᠶᠠᠨ ᠠᠯᠠᠭᠠᠨ ᠤ ᠪᠠᠨ ᠵᠢᠷᠤᠭᠠᠰᠤ ᠰᠢᠬ | ᠣᠶᠢᠯᠠᠭᠠᠵᠣ᠂ ᠮᠠᠯ ᠰᠦᠷᠦᠭ ᠤᠨ ᠢᠶᠠᠨ ᠠᠭᠠᠰᠢ ᠠᠷᠠᠨᠰᠢᠨ᠂ ᠦᠰᠦᠯᠲᠡ ᠦᠷᠡᠵᠢᠯᠲᠡ ᠵᠡᠷᠭᠡ ᠶᠢ ᠪᠠᠶᠢᠭᠠᠯᠢ | ᠳᠡᠯᠡᠬᠡᠢ ᠲᠠᠢ ᠪᠠᠨ ᠵᠤᠬᠢᠴᠠᠭᠤᠯᠵᠦ᠂ ᠦᠪᠡᠷ ᠢ ᠪᠠᠨ ᠪᠠᠶᠢᠭᠠᠯᠢ ᠪᠠ ᠮᠠᠯ ᠤᠨ ᠵᠤᠬᠢᠴᠠᠯᠳᠤᠯ ᠳᠤ ᠴᠢᠳᠠᠮᠠᠭᠠᠢ ᠪᠠᠷ | ᠦᠢᠯᠡᠴᠢᠯᠡᠭᠦᠯᠵᠦ ᠴᠢᠳᠠᠳᠠᠭ ᠠᠳᠤᠭᠤᠴᠢᠨ᠂ ᠬᠤᠨᠢᠴᠢᠨ᠂ ᠦᠬᠡᠷᠴᠢᠨ᠂ ᠲᠡᠮᠡᠭᠡᠴᠢᠨ᠂ ᠠᠷᠭᠠᠯᠢᠴᠢᠨ᠂ ᠤᠰᠤᠴᠢᠨ | ᠭᠡᠵᠣ ᠠᠵᠢᠯ ᠲᠦᠷᠦᠯ ᠢᠯᠭᠠᠯ ᠦᠭᠡᠢ ᠬᠢᠵᠦ ᠭᠦᠢᠴᠡᠳᠭᠡᠵᠦ ᠪᠠᠶᠢᠳᠠᠭ ᠮᠠᠯ ᠮᠠᠯᠵᠢᠯ ᠳᠤ ᠴᠠᠭᠠᠷᠠᠭᠰᠠᠨ ᠮᠤᠩᠭᠤᠯ | ᠮᠡᠷᠭᠡᠵᠢᠯᠲᠡᠨ ᠢ ᠮᠠᠯᠴᠢᠨ ᠭᠡᠳᠡᠭ ᠶᠤᠮ᠃ | ᠪᠠᠶᠢᠭᠠᠯᠢ᠂ ᠮᠠᠯᠴᠢᠨ᠂ ᠮᠠᠯ ᠭᠤᠷᠪᠠ ᠬᠠᠷᠢᠯᠴᠠᠨ ᠲᠦᠰᠢᠯᠴᠡᠵᠦ᠂ ᠬᠠᠷᠢᠯᠴᠠᠨ ᠦᠢᠯᠡᠴᠢᠯᠡᠵᠦ᠂ ᠬᠠᠮᠲᠤ ᠪᠠᠷ | ᠮᠤᠩᠭᠤᠯ ᠭᠠᠵᠠᠷ ᠤᠨ ᠬᠡᠶᠢᠮᠤᠷᠢ ᠰᠦᠯᠳᠡ ᠶᠢ ᠪᠤᠰᠬᠠᠬᠰᠠᠨ ᠶᠤᠮ᠃ ᠪᠠᠶᠢᠭᠠᠯᠢ ᠪᠠᠶᠢᠬᠤ ᠦᠬᠡᠢ ᠪᠣᠯ ᠮᠠᠯ᠂ ᠮᠠᠯᠴᠢᠨ | ᠪᠠᠶᠢᠵᠦ ᠴᠢᠳᠠᠬᠤ ᠦᠭᠡᠢ᠃ ᠮᠠᠯ ᠪᠠᠶᠢᠬᠤ ᠦᠭᠡᠢ ᠪᠣᠯ ᠪᠠᠶᠢᠭᠠᠯᠢᠯᠢᠭ ᠪᠡᠯᠴᠢᠭᠡᠷ ᠦᠩᠭᠡ ᠪᠠᠨ ᠠᠯᠳᠠᠨ ᠡᠯᠡᠢ ᠬᠤᠯᠠᠢ | ᠡᠭᠡᠷᠡᠮ᠎ᠡ ᠲᠠᠯ᠎ᠠ ᠪᠤᠯᠵᠦ᠂ ᠠᠮᠢᠵᠢᠷᠠᠯ ᠦᠭᠡᠢ ᠪᠤᠯᠤᠨ᠎ᠠ᠃ ᠮᠠᠯ ᠦᠭᠡᠢ ᠪᠣᠯ ᠮᠠᠯᠴᠢᠨ ᠭᠡᠵᠦ ᠨᠡᠩ ᠪᠠᠶᠢᠬᠤ ᠦᠭᠡᠢ | ᠪᠤᠯᠤᠨ᠎ᠠ᠃ ᠮᠠᠯᠴᠢᠨ ᠪᠠᠶᠢᠬᠤ ᠦᠭᠡᠢ ᠪᠣᠯ ᠮᠠᠯ ᠵᠡᠷᠯᠢᠭᠰᠢᠵᠦ᠂ ᠡᠷᠳᠡᠨᠢᠲᠦ ᠠᠰᠢᠭ ᠰᠢᠮ᠎ᠡ ᠨᠢ ᠲᠠᠯᠠᠭᠠᠷ ᠰᠦᠢᠳᠬᠦ | ᠪᠦᠭᠡᠳ ᠪᠠᠶᠢᠭᠠᠯᠢ ᠳᠡᠯᠡᠬᠡᠢ ᠶᠢᠨ ᠭᠠᠮᠰᠢᠭ ᠪᠤᠯᠬᠤ ᠶᠤᠮ᠃ ᠡᠶᠢᠨ ᠬᠦ ᠮᠤᠩᠭᠤᠯ ᠭᠠᠵᠠᠷ ᠤᠨ ᠵᠢᠭᠤᠯᠴᠢᠯᠠᠯ ᠨᠢ ᠠᠮᠢ | ᠠᠮᠢᠵᠢᠷᠠᠯ ᠲᠠᠢ ᠦᠭᠡᠳᠡᠷᠬᠡᠭ ᠪᠠᠶᠢᠶ᠎ᠠ ᠭᠡᠪᠡᠯ ᠪᠠᠶᠢᠭᠠᠯᠢ᠂ ᠮᠠᠯ᠂ ᠮᠠᠯᠴᠢᠨ ᠳᠤ ᠲᠦᠰᠢᠭᠰᠡᠨ ᠮᠤᠩᠭᠤᠯ ᠦᠨᠦᠷ ᠠᠮᠲᠠ | ᠦᠩᠭᠡ ᠪᠤᠳᠤᠭ ᠲᠠᠢ ᠪᠠᠶᠢᠪᠠᠯ ᠲᠠᠭᠠᠷᠠᠬᠤ ᠪᠢᠰᠢᠥ︕ | ︽ᠵᠢᠭᠤᠯᠴᠢᠯᠠᠬᠴᠢᠳ ᠶᠠᠭᠤᠨ ᠳᠤ ᠮᠤᠩᠭᠤᠯ ᠭᠠᠵᠠᠷ ᠢᠷᠡᠵᠦ ᠪᠠᠶᠢᠭ᠎ᠠ ᠪᠤᠢ︖ ᠲᠡᠳᠡ ᠵᠦᠪᠬᠡᠨ ᠮᠢᠬ᠎ᠠ | ᠢᠳᠡᠨ᠂ ᠠᠷᠢᠬᠢ ᠤᠤᠭᠤᠵᠦ᠂ ᠳᠠᠭᠤᠤ ᠰᠤᠨᠤᠰᠤᠨ᠂ ᠭᠡᠷᠡᠯ ᠵᠢᠷᠤᠭ ᠰᠡᠭᠦᠳᠡᠷᠯᠡᠬᠦ ᠭᠡᠵᠦ ᠯᠡ ᠮᠤᠩᠭᠤᠯ ᠭᠠᠵᠠᠷ | ᠢᠷᠡᠵᠦ ᠪᠠᠶᠢᠭ᠎ᠠ ᠭᠡᠵᠦ ᠤᠤ︖ ᠪᠢᠰᠢ ᠪᠠᠶᠢᠬ᠎ᠠ᠃ ᠮᠤᠩᠭᠤᠯᠴᠤᠳ ᠬᠦᠳᠡᠭᠡ ᠬᠡᠬᠡᠷ᠎ᠡ ᠲᠠᠯ᠎ᠠ ᠭᠠᠵᠠᠷ ᠤᠨ ᠲᠡᠶᠢᠮᠦ | ᠬᠠᠲᠠᠭᠤ ᠪᠡᠷᠬᠡ ᠤᠷᠴᠢᠨ ᠳᠤ ᠶᠠᠭᠠᠬᠢᠵᠣ ᠦᠶ᠎ᠡ ᠤᠯᠠᠷᠢᠨ ᠠᠵᠦ ᠲᠦᠷᠦᠨ ᠠᠮᠢᠳᠤᠷᠠᠵᠦ᠂ ᠪᠠᠶᠢᠭᠠᠯᠢ ᠳᠡᠯᠡᠬᠡᠢ ᠪᠠᠨ | ᠤᠩᠭᠤᠨ ᠳᠠᠷᠬᠠᠨ ᠪᠠᠶᠢᠯᠭᠠᠵᠦ ᠴᠢᠳᠠᠳᠠᠭ ᠤᠨ ᠲᠣᠬᠠᠢ ᠪᠣᠶᠣ ᠦᠷᠭᠦᠯᠵᠢ ᠪᠠᠶᠠᠰᠤᠩᠭᠤᠢ᠂ ᠠᠭᠤᠵᠢᠮ | ᠪᠠᠭᠲᠠᠭᠠᠮᠵᠢ ᠲᠠᠢ᠂ ᠦᠨᠡᠨᠴᠢ ᠨᠦᠬᠦᠷᠰᠡᠭ ᠪᠠᠶᠢᠳᠠᠭ ᠤᠨ ᠲᠣᠬᠠᠢ᠂ ᠡᠰᠡᠬᠦᠯ᠎ᠠ ᠳᠡᠯᠡᠬᠡᠢ ᠶᠢᠨ ᠬᠠᠭᠠᠰ ᠢ ᠠᠭᠲᠠ ᠶᠢᠨ | ᠲᠤᠭᠤᠷᠠᠢ ᠪᠠᠷ ᠲᠣᠷᠬᠢᠭᠤᠯᠣᠭᠰᠠᠨ ᠤᠳᠤᠮᠲᠤ ᠮᠤᠩᠭᠤᠯᠴᠣᠳ ᠦᠨᠦᠳᠦᠷ ᠶᠠᠭᠠᠬᠢᠵᠦ ᠠᠵᠦ ᠲᠦᠷᠦᠵᠦ ᠠᠮᠢᠳᠤᠷᠠᠵᠦ | ᠪᠠᠶᠢᠭ᠎ᠠ ᠲᠣᠬᠠᠢ ᠤᠶᠢᠯᠠᠭᠠᠬᠤ ᠪᠠᠷ ᠲᠠᠯ᠎ᠠ ᠨᠤᠲᠤᠭ ᠲᠤ ᠵᠢᠭᠤᠯᠴᠢᠯᠠᠵᠦ ᠶᠠᠪᠤᠨ᠎ᠠ︾ ᠭᠡᠵᠣ ᠪᠢ ᠬᠤᠪᠢᠨ ᠳᠠᠭᠠᠨ | ᠪᠣᠳᠣᠳᠠᠭ᠃ | ᠬᠦᠯᠦᠨ ᠪᠤᠶᠢᠷ ᠤᠨ ᠰᠢᠨ᠎ᠡ ᠪᠠᠷᠭᠤ ᠵᠡᠭᠦᠨ ᠬᠤᠰᠢᠭᠤᠨ ᠤ ᠦᠪᠦᠷᠪᠤᠯᠠᠭ ᠰᠤᠮᠤ ᠶᠢᠨ ᠳᠤᠯᠤᠭᠠᠳᠤ ᠳᠤ ︽ | ᠪᠠᠷᠭᠤ ᠵᠠᠩᠰᠢᠯ ᠤᠨ ᠠᠶᠢᠯ︾ ᠨᠡᠷᠡᠮᠵᠢᠲᠦ ᠵᠢᠭᠤᠯᠴᠢᠯᠠᠯ ᠤᠨ ᠭᠠᠵᠠᠷ ᠪᠠᠶᠢᠳᠠᠭ᠃ ᠲᠡᠡᠳᠡ ᠢᠳᠡᠵᠦ ᠤᠤᠭᠤᠬᠤ᠂ | ᠬᠤᠨᠤᠵᠦ ᠬᠡᠪᠳᠡᠭᠦ ᠪᠦᠷᠢᠨ ᠲᠦᠬᠦᠭᠡᠷᠦᠮᠵᠢ ᠲᠠᠢ ᠪᠦᠭᠡᠳ ᠮᠤᠩᠭᠤᠯ ᠵᠠᠩ ᠵᠠᠩᠰᠢᠯ ᠪᠣᠯᠣᠨ ᠲᠡᠦᠬᠡ ᠰᠤᠶᠤᠯ ᠢᠶᠠᠨ | ᠲᠠᠨᠢᠯᠴᠠᠭᠤᠯᠬᠤ ᠲᠠᠯ᠎ᠠ ᠪᠠᠷ ᠨᠡᠯᠢᠶᠡᠳ ᠪᠦᠲᠦᠮᠵᠢᠲᠡᠢ ᠬᠢᠵᠦ ᠪᠠᠶᠢᠨ᠎ᠠ᠃ ᠦᠢᠯᠡᠴᠢᠯᠡᠭᠴᠢ ᠨᠢ ᠪᠦᠷ ᠮᠤᠩᠭᠤᠯ | ᠬᠡᠯᠡ ᠪᠠᠷ ᠤᠷᠤᠰᠤᠮ᠎ᠠ ᠰᠠᠶᠢᠬᠠᠨ ᠶᠠᠷᠢᠵᠦ᠂ ᠬᠤᠪᠴᠠᠰᠤ ᠬᠤᠨᠠᠷ ᠡᠮᠦᠰᠭᠡᠯ ᠵᠡᠭᠦᠯᠲᠡ ᠨᠢ ᠪᠦᠷ ᠪᠠᠷᠭᠤ | ᠬᠡᠪ ᠢᠶᠠᠷ ᠢᠶᠠᠨ᠂ ᠴᠠᠢ ᠬᠤᠭᠤᠯᠠ᠂ ᠵᠤᠴᠢᠯᠠᠯ ᠤᠨ ᠬᠡᠪ ᠨᠠᠮᠪᠠ ᠪᠠᠨ ᠪᠦᠷ ᠨᠤᠲᠤᠭ ᠤᠨ ᠵᠠᠩᠰᠢᠯ ᠢᠶᠠᠷ ᠢᠶᠠᠨ | ᠶᠠᠪᠤᠭᠤᠯᠵᠦ᠂ ᠭᠠᠳᠠᠨ᠎ᠠ ᠶᠢᠨ ᠬᠦᠮᠦᠨ ᠳᠤ ᠮᠠᠰᠢ ᠰᠤᠨᠢᠷᠬᠠᠯᠲᠠᠢ ᠲᠠᠭᠠᠯᠠᠭᠳᠠᠵᠦ᠂ ᠨᠡᠩ ᠴᠦ ᠮᠠᠯ ᠮᠠᠯᠵᠢᠯ ᠤᠨ | ᠠᠮᠢᠳᠤᠷᠠᠯ ᠲᠠᠳᠬᠠᠯᠵᠢᠯ ᠤᠨ ᠠᠭᠤᠯᠭ᠎ᠠ ᠨᠢ ᠵᠢᠭᠤᠯᠴᠢᠯᠠᠭᠴᠢᠳ ᠤᠨ ᠪᠠᠭ᠋ᠠᠷᠠᠯ ᠰᠣᠨᠢᠷᠬᠠᠯ ᠢ ᠶᠡᠬᠡᠳᠡ ᠲᠠᠳᠠᠵᠣ | ᠪᠠᠶᠢᠨ᠎ᠠ᠃ ᠲᠡᠳᠡᠨ ᠤ ᠦᠢᠯᠡᠴᠢᠯᠡᠭᠡ ᠶᠢᠨ ᠠᠭᠤᠯᠭ᠎ᠠ ᠬᠡᠯᠪᠡᠷᠢ ᠪᠠ ᠠᠷᠭ᠎ᠠ ᠪᠠᠷᠢᠯ ᠨᠢ ᠮᠤᠩᠭᠤᠯ ᠵᠠᠩ ᠦᠢᠯᠡ ᠶᠢᠨ | ᠡᠬᠡ ᠪᠠᠶᠢᠭᠠᠯᠢ ᠪᠠᠨ ᠳᠡᠭᠡᠳᠦᠯᠡᠨ ᠰᠢᠲᠦᠭᠰᠡᠨ ᠬᠦᠨᠳᠦᠳᠭᠡᠯ ᠤᠨ ᠠᠷᠢᠭᠤᠨ ᠳᠠᠷᠬᠠᠨ ᠢ ᠬᠠᠷᠠᠭᠤᠯᠵᠦ ᠪᠠᠶᠢᠳᠠᠭ᠃ | ᠪᠠᠷᠭᠤ ᠮᠤᠩᠭᠤᠯᠴᠤᠳ ︽ᠡᠴᠢᠭᠡ ᠲᠡᠭᠷᠢ ᠡᠬᠡ ᠳᠡᠯᠡᠬᠡᠢ︾ ᠭᠡᠵᠦ ᠠᠮᠢ ᠨᠠᠰᠤᠨ ᠤ ᠳᠠᠭᠠᠳᠬᠠᠯ ᠮᠦᠷᠭᠦᠯ | ᠬᠢᠬᠦ ᠳᠡᠭᠡᠨ ᠬᠢᠵᠠᠭᠠᠯᠠᠰᠢ ᠦᠭᠡᠢ ᠪᠢᠰᠢᠷᠡᠨ ᠬᠦᠨᠳᠦᠳᠭᠡᠭᠰᠡᠨ ᠬᠠᠶᠢᠷ᠎ᠠ ᠰᠡᠳᠭᠢᠯᠭᠡ ᠪᠠᠨ ᠨᠡᠪᠴᠢᠭᠡᠨ ᠰᠢᠩᠭᠡᠭᠡᠵᠦ᠂ | ᠤᠩᠭᠤᠨ ᠳᠠᠷᠬᠠᠨ ᠪᠠᠶᠢᠭᠠᠯᠢ ᠪᠠᠨ ᠠᠮᠢ ᠪᠡᠶ᠎ᠡ ᠲᠠᠢ ᠪᠠᠨ ᠬᠤᠯᠪᠤᠭᠰᠠᠨ ᠪᠠᠶᠢᠳᠠᠭ᠃ ᠡᠶᠢᠮᠦ ᠠᠴᠠ ᠮᠤᠩᠭᠤᠯ | ᠭᠠᠵᠠᠷ ᠤᠨ ᠤᠪᠤᠭ᠎ᠠ ᠨᠢ ᠳᠤᠷ᠎ᠠ ᠶᠢᠨ ᠨᠢᠭᠡᠨ ᠬᠦᠮᠦᠨ ᠤ ᠴᠢᠯᠠᠭᠤ ᠤᠪᠤᠭᠠᠯᠠᠨ ᠬᠠᠳᠠᠭ ᠤᠶᠠᠭᠠᠳ ᠯᠡ ᠪᠤᠯᠴᠢᠬᠠᠳᠠᠭ | ᠶᠠᠭᠤᠮ᠎ᠠ ᠪᠢᠰᠢ᠃ ᠬᠠᠷᠢᠨ ᠰᠡᠳᠭᠢᠯ ᠳᠤᠨᠢ ᠡᠭᠦᠷᠢᠳᠡ ᠬᠠᠳᠠᠩᠰᠢᠭᠰᠠᠨ ᠤᠳᠤᠮ ᠰᠤᠳᠤᠷ ᠤᠨ ᠨᠢᠭᠤᠴᠠᠬᠠᠢ ᠪᠠᠶᠢᠳᠠᠭ | ᠶᠤᠮ᠃ ᠵᠠᠷᠢᠮ ᠨᠢ ᠮᠤᠩᠭᠤᠯ ᠬᠦᠮᠦᠨ ᠠᠶᠤᠬᠤ ᠳᠠᠭᠠᠨ ᠲᠡᠭᠡᠵᠦ ᠪᠠᠶᠢᠭ᠎ᠠ ᠭᠡᠵᠦ ᠬᠡᠯᠡᠬᠦ ᠶᠤᠮ᠃ ᠮᠤᠩᠭᠤᠯ | ᠠᠮᠢᠳᠤᠷᠠᠯ ᠢ ᠮᠡᠳᠡᠬᠦ ᠦᠭᠡᠢ ᠬᠦᠮᠦᠨ ᠶᠠᠭᠤ ᠭᠡᠵᠦ ᠬᠡᠯᠡᠭᠰᠡᠨ ᠴᠦ ᠶᠠᠭᠠᠬᠢᠬᠤᠪ︕ ᠮᠤᠩᠭᠤᠯ ᠬᠦᠮᠦᠨ ᠯᠡ ᠶᠤᠮ | ᠪᠣᠯ ᠪᠠᠶᠢᠭᠠᠯᠢ ᠪᠠᠨ ᠲᠡᠭᠡᠳᠣᠯᠡᠵᠣ ᠬᠠᠶᠢᠷᠠᠯᠠᠵᠣ ᠶᠠᠪᠤᠳᠠᠭ ᠨᠢ ᠡᠨᠡ ᠦᠨᠳᠦᠰᠦᠲᠡᠨ ᠶᠠᠰᠤᠲᠠᠨ ᠤ ᠶᠡᠭᠡ | ᠪᠠᠶᠢᠭᠠᠯᠢ ᠲᠠᠢ ᠪᠠᠨ ᠵᠤᠬᠢᠴᠠᠵᠦ ᠢᠷᠡᠭᠰᠡᠨ ᠪᠠᠯᠠᠷᠠᠰᠢ ᠦᠭᠡᠢ ᠬᠦᠴᠦᠨ ᠴᠢᠳᠠᠯ ᠭᠡᠳᠡᠭ ᠢ ᠤᠶᠢᠯᠠᠭᠠᠬᠤ ᠶᠣᠮ᠃ | ᠮᠠᠯᠵᠢᠬᠤ ᠤᠷᠤᠨ ᠤ ᠠᠮᠢ ᠠᠬᠤᠢ ᠶᠢᠨ ᠵᠢᠭᠤᠯᠴᠢᠯᠠᠯ ᠤᠨ ᠦᠢᠯᠡᠰ ᠢ ᠬᠦᠭᠵᠢᠭᠦᠯᠬᠦ ᠲᠤᠬᠠᠢ ᠵᠦᠪᠯᠡᠮᠵᠢ | ᠮᠠᠯᠵᠢᠬᠤ ᠤᠷᠤᠨ ᠪᠣᠯ ᠠᠮᠢ ᠠᠬᠤᠢ ᠶᠢᠨ ᠵᠢᠭᠤᠯᠴᠢᠯᠠᠯ ᠤᠨ ᠦᠢᠯᠡᠰ ᠢ ᠬᠦᠭᠵᠢᠭᠦᠯᠬᠦ ᠬᠠᠮᠤᠭ ᠤᠨ ᠰᠢᠨᠵᠢᠯᠡᠬᠦ | ᠤᠬᠠᠭᠠᠨᠴᠢ ᠰᠤᠩᠭᠤᠯᠲᠠ ᠶᠢᠨ ᠭᠠᠵᠠᠷ ᠮᠥᠨ᠃ ᠤᠴᠢᠷ ᠨᠢ᠂ ᠮᠠᠯᠵᠢᠬᠤ ᠤᠷᠤᠨ ᠪᠣᠯ ᠬᠦᠮᠦᠨ ᠲᠦᠷᠦᠯᠬᠢᠲᠡᠨ ᠤ | ᠠᠮᠢ ᠠᠬᠤᠢ ᠶᠢᠨ ᠪᠤᠯᠪᠠᠰᠤᠨ ᠤ ᠦᠯᠦᠭᠡᠢ ᠪᠤᠯᠬᠤ ᠪᠦᠭᠡᠳ ᠠᠮᠢ ᠠᠬᠤᠢ ᠶᠢᠨ ᠪᠤᠯᠪᠠᠰᠤᠨ ᠢ ᠠᠮᠲᠠᠷᠬᠠᠨ | ᠰᠤᠨᠢᠷᠬᠠᠬᠴᠢᠳ ᠤᠨ ᠲᠠᠲᠤᠯᠭᠠᠵᠢᠯ ᠤᠨ ᠭᠠᠵᠠᠷ ᠪᠤᠯᠬᠤ ᠶᠤᠮ᠃ ᠮᠦᠨ ᠴᠦ ᠬᠦᠮᠦᠨ ᠲᠦᠷᠦᠯᠬᠢᠲᠡᠨ ᠤ ᠬᠠᠮᠤᠭ ᠤᠨ | ᠤᠬᠢ ᠰᠢᠯᠢᠳᠡᠭ ᠵᠠᠩ ᠠᠷᠠᠨᠰᠢᠨ ᠪᠤᠯᠬᠤ ᠡᠶ᠎ᠡ ᠵᠤᠬᠢᠴᠠᠯ ᠢ ᠡᠷᠬᠢᠮᠯᠡᠬᠦ ᠬᠡᠪ ᠰᠤᠷᠲᠠᠯ ᠡ᠊ᠨᠳᠡ ᠠᠴᠠ ᠡᠭᠦᠰᠦᠨ | ᠬᠦᠭᠵᠢᠵᠣ᠂ ᠠᠮᠢ ᠠᠬᠤᠢ ᠶᠢᠨ ᠤᠶᠤᠨ ᠮᠡᠳᠡᠯᠭᠡ ᠪᠤᠯᠤᠨ ᠦᠢᠯᠡᠳᠪᠦᠷᠢᠯᠡᠯ ᠤᠨ ᠮᠡᠷᠭᠡᠵᠢᠯ ᠤᠷᠭᠤᠨ ᠲᠦᠯᠵᠢᠭᠰᠡᠨ | ᠭᠠᠵᠠᠷ ᠮᠥᠨ᠃ ᠮᠠᠯᠵᠢᠬᠤ ᠤᠷᠤᠨ ᠤ ᠵᠢᠭᠤᠯᠴᠢᠯᠠᠯ ᠤᠨ ᠦᠢᠯᠡᠰ ᠢ ᠡᠷᠬᠢᠯᠡᠨ ᠬᠢᠬᠦ ᠭᠤᠤᠯ ᠴᠤᠭᠴᠠ ᠨᠢ ᠮᠠᠯᠴᠢᠳ | ᠦᠪᠡᠷ ᠢᠶᠠᠨ ᠪᠤᠶᠤ ᠮᠠᠯᠵᠢᠬᠤ ᠤᠷᠤᠨ ᠤ ᠰᠤᠶᠤᠯ ᠲᠡᠦᠬᠡ ᠶᠢ ᠰᠠᠶᠢᠨ ᠮᠡᠳᠡᠭᠰᠡᠨ ᠬᠦᠮᠦᠨ ᠪᠠᠶᠢᠬᠤ ᠬᠡᠷᠡᠭᠲᠡᠢ᠃ ᠠᠮᠢ | ᠠᠬᠤᠢ ᠶᠢᠨ ᠵᠢᠭᠤᠯᠴᠢᠯᠠᠯ ᠤᠨ ᠣᠶᠢᠢᠯᠡᠰ ᠢ ᠡᠷᠬᠢᠯᠡᠭᠴᠢᠳ ᠠᠰᠢᠭ ᠤᠷᠤᠯᠭ᠎ᠠ ᠪᠠᠨ ᠦᠨᠳᠦᠰᠦᠲᠡᠨ ᠤ ᠲᠡᠦᠬᠡ | ᠰᠣᠶᠣᠯ ᠢᠶᠠᠨ ᠬᠦᠭᠵᠢᠬᠦᠯᠦᠨ ᠮᠠᠨᠳᠣᠭᠤᠯᠬᠤ ᠲᠠᠢ ᠣᠶᠠᠯᠳᠣᠭᠤᠯᠬᠤ ᠬᠡᠷᠡᠭᠲᠡᠢ᠃ ᠠᠮᠢ ᠠᠬᠤᠢ ᠶᠢᠨ ᠵᠢᠭᠤᠯᠴᠢᠯᠠᠯ ᠢ | ᠡᠷᠬᠢᠯᠡᠬᠦ ᠳᠡᠭᠡᠨ ᠮᠠᠯᠵᠢᠬᠤ ᠡᠷᠦᠬᠡ ᠪᠠᠷ ᠦᠨᠳᠦᠰᠦᠨ ᠨᠢᠭᠡᠴᠢ ᠪᠤᠯᠭᠠᠵᠦ᠂ ᠮᠠᠯᠴᠢᠳ ᠤᠨ ᠠᠮᠢᠳᠤᠷᠠᠯ | ᠦᠢᠯᠡᠳᠪᠦᠷᠢᠯᠡᠯ ᠪᠠ ᠮᠠᠯ ᠠᠵᠣ ᠠᠬᠤᠢ ᠵᠢᠴᠢ ᠮᠠᠯᠴᠢᠨ ᠤ ᠡᠳᠦᠷ ᠲᠤᠲᠤᠮ ᠤᠨ ᠠᠮᠢᠳᠤᠷᠠᠯ ᠤᠨ ᠳᠠᠲᠤᠯᠭᠠᠵᠢᠯ ᠢᠶᠠᠷ | ᠠᠭᠤᠯᠭ᠎ᠠ ᠬᠡᠯᠪᠡᠷᠢ ᠪᠤᠯᠭᠠᠵᠦ ︽ᠨᠢᠭᠡ ᠡᠳᠦᠷ ᠤᠨ ᠮᠠᠯᠴᠢᠨ ᠤ ᠠᠮᠢᠳᠤᠷᠠᠯ︾ ᠪᠣᠶᠣ ︽ᠨᠢᠭᠡ ᠵᠦᠢᠯ ᠤᠨ ᠮᠠᠯᠵᠢᠬᠤ | ᠦᠢᠯᠡᠳᠪᠦᠷᠢᠯᠡᠯ ᠳᠤ ᠤᠷᠤᠯᠴᠠᠬᠤ︾ ᠵᠡᠷᠭᠡ ᠠᠮᠢᠳᠤ ᠪᠤᠳᠠᠲᠠᠢ ᠠᠭᠤᠯᠭ᠎ᠠ ᠬᠡᠯᠪᠡᠷᠢ ᠪᠠᠷ ᠵᠢᠭᠤᠯᠴᠢᠯᠠᠯ ᠢᠶᠠᠨ | ᠪᠠᠶᠠᠯᠢᠬᠵᠢᠭᠤᠯᠪᠠᠯ ᠵᠤᠬᠢᠨ᠎ᠠ᠃ | ᠲᠤᠨᠤᠭ ᠲᠦᠭᠦᠭᠡᠷᠦᠮᠵᠢ ᠪᠦᠷᠢᠨ ᠲᠡᠭᠦᠯᠲᠡᠷ ᠠᠮᠢ ᠠᠬᠤᠢ ᠶᠢᠨ ᠲᠤᠮᠤᠬᠠᠨ ᠰᠢᠬ ᠵᠢᠭᠤᠯᠴᠢᠯᠠᠯ ᠤᠨ | ᠭᠠᠵᠠᠷ ᠨᠢ᠂ ᠮᠠᠯᠵᠢᠬᠤ ᠡᠷᠦᠬᠡ ᠲᠠᠢ ᠬᠤᠯᠪᠤᠭᠠᠯᠠᠨ ᠨᠢᠭᠡᠨ ᠴᠤᠭᠴᠠ ᠪᠤᠯᠵᠦ᠂ ᠠᠮᠢᠳᠤᠷᠠᠯ ᠳᠤ ᠭᠦᠨᠵᠡᠭᠡᠶᠢᠷᠡᠬᠦ ᠪᠠᠷ | ᠱᠠᠭᠠᠷᠳᠠᠭᠰᠠᠨ ᠵᠢᠭᠤᠯᠴᠢᠯᠠᠬᠴᠢᠳ ᠲᠤ ᠮᠤᠩᠭᠤᠯ ᠭᠡᠷ᠂ ᠲᠡᠷᠭᠡ ᠵᠢᠴᠢ ᠮᠠᠯ ᠰᠦᠷᠦᠭ ᠤᠨ ᠨᠦᠭᠦᠴᠡᠯ ᠬᠠᠩᠭᠠᠨ | ᠦᠭᠴᠦ᠂ ᠳᠠᠭᠠᠭᠤᠯᠤᠨ ᠬᠢᠬᠦ ᠪᠠ ᠦᠢᠯᠡᠴᠢᠯᠡᠭᠡ ᠶᠢ ᠤᠶᠠᠯᠳᠤᠭᠤᠯᠤᠭᠰᠠᠨ ᠮᠠᠯᠴᠢᠨ ᠦᠢᠯᠡᠴᠢᠯᠡᠭᠴᠢ ᠶᠢ | ᠲᠤᠬᠢᠷᠠᠭᠤᠯᠤᠨ᠂ ᠵᠢᠭᠤᠯᠴᠢᠯᠠᠬᠴᠢᠳ ᠤᠨ ᠠᠶᠤᠯ ᠦᠭᠡᠢ ᠪᠠ ᠳᠤᠷ᠎ᠠ ᠰᠤᠨᠢᠷᠬᠠᠯ ᠨᠢ ᠭᠦᠢᠴᠡᠳ ᠬᠠᠩᠭᠠᠮᠵᠢᠲᠠᠢ | ᠪᠠᠶᠢᠬᠤ ᠶᠢ ᠪᠠᠳᠣᠯᠠᠪᠠᠯ ᠵᠣᠬᠢᠨ᠎ᠠ᠃ ᠵᠢᠭᠤᠯᠴᠢᠯᠠᠭᠴᠢᠳ ᠲᠤ ᠪᠠᠰᠠ ᠦᠪᠡᠷ ᠤᠨ ᠭᠠᠷ ᠢᠶᠠᠷ ᠢᠶᠠᠨ ᠮᠤᠩᠭᠤᠯ | ᠢᠳᠡᠭᠡᠨ ᠢ ᠪᠤᠯᠪᠠᠰᠤᠷᠠᠭᠤᠯᠤᠨ ᠬᠢᠬᠦ ᠣᠷᠣᠨ ᠵᠠᠢ ᠬᠠᠩᠭᠠᠵᠣ ᠪᠤᠯᠤᠨ᠎ᠠ᠃ ᠮᠤᠩᠭᠤᠯ ᠭᠡᠷ ᠲᠤ ᠬᠤᠨᠤᠬᠤ᠂ ᠦᠨᠢᠶ᠎ᠡ | ᠰᠠᠭᠠᠬᠤ᠂ ᠬᠤᠨᠢ ᠬᠠᠷᠢᠭᠤᠯᠠᠬᠤ ᠨᠢ ᠪᠦᠷ ᠵᠢᠭᠤᠯᠴᠢᠯᠠᠯ ᠤᠨ ᠠᠭᠤᠯᠭ᠎ᠠ ᠪᠤᠯᠵᠦ ᠪᠤᠯᠬᠤ ᠶᠤᠮ᠃ ᠡᠨᠡ ᠮᠡᠲᠦ ᠶᠢᠨ | ᠦᠢᠯᠡᠳᠪᠦᠷᠢᠯᠡᠯ ᠠᠮᠢᠳᠤᠷᠠᠯ ᠲᠠᠢ ᠤᠶᠠᠯᠳᠤᠭᠰᠠᠨ ᠵᠢᠭᠤᠯᠴᠢᠯᠠᠯ ᠨᠢ ︽ᠮᠤᠩᠭᠤᠯ ᠠᠮᠢᠳᠤᠷᠠᠯ ᠢ ᠤᠶᠢᠯᠠᠭᠠᠶ᠎ᠠ᠂ | ᠮᠤᠩᠭᠤᠯ ᠵᠠᠩ ᠠᠷᠠᠨᠰᠢᠨ ᠲᠠᠢ ᠲᠠᠨᠢᠯᠴᠠᠶ᠎ᠠ︾ ᠭᠡᠰᠡᠨ ᠬᠦᠰᠡᠯ ᠡᠷᠡᠮᠠᠯᠵᠡᠯ ᠪᠦᠬᠦᠢ ᠵᠢᠭᠤᠯᠴᠢᠯᠠᠭᠴᠢᠳ ᠲᠤ ᠤᠯᠳᠠᠰᠢ | ᠦᠭᠡᠢ ᠠᠵᠠ ᠵᠠᠪᠰᠢᠶᠠᠨ ᠪᠤᠯᠬᠤ ᠶᠤᠮ᠃ | ᠮᠠᠯᠴᠢᠳ ᠲᠤ ᠨᠡᠩ ᠰᠠᠶᠢᠨ ᠦᠢᠯᠡᠴᠢᠯᠡᠭᠡᠨ ᠤ ᠨᠦᠭᠦᠴᠡᠯ ᠪᠦᠷᠢᠯᠳᠦᠭᠦᠯᠦᠨ ᠦᠭᠴᠦ᠂ ᠵᠢᠭᠤᠯᠴᠢᠯᠠᠯ ᠤᠨ | ᠦᠢᠯᠡᠰ ᠢ ᠬᠦᠭᠵᠢᠭᠦᠯᠬᠦ ᠳᠤ᠂ ᠤᠷᠤᠨ ᠪᠠ ᠡᠯ᠎ᠡ ᠠᠶᠢᠮᠠᠭ ᠬᠤᠲᠠ ᠶᠢᠨ ᠵᠠᠰᠠᠭ ᠤᠨ ᠭᠠᠵᠠᠷ ᠠᠴᠠ ᠠᠶᠠᠯᠠᠯ | ᠵᠢᠭᠤᠯᠴᠢᠯᠠᠯ ᠤᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠣᠶᠢᠢᠯᠡᠴᠢᠯᠡᠭᠡ ᠬᠢᠵᠣ᠂ ᠰᠤᠨᠢᠨ ᠮᠡᠳᠡᠭᠡ ᠶᠢᠨ ᠬᠢᠨ ᠳᠤ | ᠵᠠᠷ ᠰᠤᠷᠲᠠᠯᠴᠢᠯᠠᠭ᠎ᠠ ᠬᠢᠬᠦ ᠡᠭᠦᠷᠭᠡ ᠪᠠᠭᠤᠯᠭᠠᠨ ᠳᠡᠮᠵᠢᠯᠭᠡ ᠦᠵᠡᠭᠦᠯᠬᠦ ᠪᠣᠯᠪᠠᠣ ᠬᠡᠵᠣ ᠬᠦᠰᠡᠶ᠎ᠠ᠃ ᠵᠢᠭᠤᠯᠴᠢᠯᠠᠯ ᠤᠨ | ᠣᠶᠢᠯᠡᠰ ᠢ ᠮᠠᠯᠴᠢᠳ ᠲᠤ ᠬᠠᠨᠳᠤᠭᠤᠯᠵᠦ᠂ ᠨᠡᠩ ᠤᠯᠠᠨ ᠵᠢᠭᠤᠯᠴᠢᠯᠠᠭᠴᠢᠳ ᠢ ᠮᠠᠯᠴᠢᠳ ᠤᠨ ᠭᠡᠷ ᠲᠤ | ᠲᠤᠬᠢᠷᠠᠭᠤᠯᠬᠤ ᠠᠵᠢᠯ ᠢ ᠬᠦᠴᠦᠲᠡᠢ ᠵᠤᠬᠢᠶᠠᠨ ᠪᠠᠶᠢᠭᠤᠯᠪᠠᠯ ᠲᠠᠭᠠᠷᠠᠨ᠎ᠠ᠃ ᠮᠠᠯᠴᠢᠳ ᠤᠯᠠᠨ ᠵᠢᠭᠤᠯᠴᠢᠯᠠᠭᠴᠢᠳ ᠢ | ᠬᠦᠯᠢᠶᠡᠨ ᠠᠪᠴᠤ ᠪᠠᠶᠢᠪᠠᠯ ᠤᠷᠤᠯᠭ᠎ᠠ ᠨᠢ ᠴᠦ ᠨᠡᠮᠡᠭᠳᠡᠬᠦ ᠪᠤᠯᠤᠨ᠎ᠠ᠃ ᠡᠨᠡ ᠠᠵᠢᠯ ᠨᠢ ᠡᠯ᠎ᠡ ᠱᠠᠲᠤᠨ ᠤ ᠵᠠᠰᠠᠭ ᠤᠨ | ᠭᠠᠵᠠᠷ ᠤᠨ ᠰᠢᠭᠤᠳ ᠤᠷᠤᠯᠴᠠᠯᠭ᠎ᠠ ᠳᠤᠤᠷ᠎ᠠ ᠡᠯ᠎ᠡ ᠭᠠᠵᠠᠷ ᠤᠨ ᠵᠢᠭᠤᠯᠴᠢᠯᠠᠯ ᠤᠨ ᠬᠠᠮᠢᠶᠠᠷᠤᠯᠲᠠ ᠶᠢᠨ | ᠲᠤᠪᠴᠢᠶᠠᠨ ᠤ ᠬᠦᠴᠦᠲᠡᠢ ᠳᠡᠮᠵᠢᠯᠭᠡ ᠳᠤᠤᠷ᠎ᠠ ᠰᠠᠶ᠋ᠢ ᠪᠡᠶᠡᠯᠡᠭᠳᠡᠬᠦ ᠶᠤᠮ᠃ ᠬᠦᠴᠣᠨ ᠮᠡᠬᠦᠰ ᠬᠤᠪᠢ ᠡᠷᠦᠬᠡ | ᠵᠢᠭᠤᠯᠴᠢᠯᠠᠯ ᠤᠨ ᠣᠶᠢᠯᠡᠰ ᠢ ᠡᠷᠬᠢᠯᠡᠭᠡᠳ ᠠᠮᠵᠢᠯᠲᠠ ᠤᠯᠬᠤ ᠳᠤ ᠬᠦᠴᠢᠷ ᠪᠠᠶᠢᠳᠠᠭ᠂ ᠬᠤᠷᠰᠢᠶᠠᠵᠢᠯ ᠤᠨ | ᠬᠡᠯᠪᠡᠷᠢ ᠪᠠᠷ ᠵᠤᠬᠢᠶᠠᠨ ᠪᠠᠶᠢᠭᠤᠯᠤᠨ᠂ ᠬᠡᠳᠦᠨ ᠡᠷᠦᠬᠡ ᠬᠠᠮᠵᠢᠯᠴᠠᠨ ᠡᠷᠬᠢᠯᠡᠪᠡᠯ᠂ ᠤᠯᠠᠨ ᠵᠦᠢᠯ ᠤᠨ ᠡᠬᠢ | ᠪᠠᠶᠠᠯᠢᠭ ᠢᠶᠠᠨ ᠨᠢᠭᠡᠳᠭᠡᠨ ᠨᠡᠶᠢᠯᠡᠭᠦᠯᠵᠦ ᠦᠷ᠎ᠡ ᠠᠰᠢᠭ ᠢᠶᠠᠨ ᠳᠡᠭᠡᠭᠰᠢᠯᠡᠭᠦᠯᠵᠦ ᠪᠤᠯᠬᠤ ᠶᠤᠮ᠃ | ᠭᠠᠵᠠᠷ ᠰᠠᠢ ᠦᠭᠡᠢ ᠲᠣᠷ᠎ᠠ ᠪᠠᠷ ᠢᠶᠠᠨ ᠪᠠᠶᠢᠭ᠎ᠠ ᠵᠢᠭᠤᠯᠴᠢᠯᠠᠯ ᠤᠨ ᠭᠠᠵᠠᠷ ᠢ ᠴᠡᠭᠴᠡᠯᠡᠨ᠂ ᠡ᠊ᠨᠳᠡ ᠲᠡᠨᠳᠡ | ᠭᠡᠷ ᠪᠠᠶᠢᠰᠢᠩ ᠪᠠᠷᠢᠬᠤ ᠪᠠ ᠦᠵᠡᠮᠵᠢ ᠶᠢᠨ ᠭᠠᠵᠠᠷ ᠭᠠᠷᠭᠠᠬᠤ ᠶᠢ ᠬᠤᠷᠢᠭᠯᠠᠨ ᠵᠤᠭᠰᠤᠭᠠᠵᠦ᠂ ᠠᠮᠢ ᠠᠬᠤᠢ ᠶᠢᠨ | ᠪᠤᠵᠠᠷᠳᠣᠯ ᠢ ᠠᠷᠢᠯᠭᠠᠬᠤ ᠳᠤ ᠬᠦᠴᠦᠲᠡᠢ ᠠᠷᠭ᠎ᠠ ᠬᠡᠮᠵᠢᠶ᠎ᠡ ᠠᠪᠬᠤ ᠴᠢᠬᠤᠯᠠᠲᠠᠢ ᠪᠠᠶᠢᠨ᠎ᠠ᠃ ᠮᠤᠩᠭᠤᠯ ᠭᠡᠷ ᠪᠣᠯ | ᠬᠠᠮᠤᠭ ᠤᠨ ᠰᠠᠶᠢᠨ ᠭᠡᠷ ᠬᠤᠷᠤᠭ᠎ᠠ ᠪᠤᠯᠬᠤ ᠶᠤᠮ᠂ ᠪᠠᠶᠢᠩᠭᠤ ᠶᠢᠨ ᠪᠠᠷᠢᠯᠭ᠎ᠠ ᠤᠯᠠᠨ ᠪᠤᠯᠪᠠᠯ ᠪᠤᠵᠠᠷᠳᠣᠯ ᠬᠤᠭ | ᠨᠤᠪᠰᠢ ᠶᠡᠭᠡ ᠪᠤᠯᠤᠨ᠎ᠠ᠃ ᠮᠠᠯᠴᠢᠳ ᠪᠣᠯ ᠮᠠᠯᠵᠢᠬᠤ ᠤᠷᠤᠨ ᠤ ᠭᠤᠤᠯ ᠴᠤᠭᠴᠠ ᠮᠥᠨ᠃ ᠡᠶᠢᠮᠣ ᠠᠴᠠ ᠠᠮᠢ | ᠠᠬᠤᠢ ᠶᠢᠨ ᠵᠢᠭᠤᠯᠴᠢᠯᠠᠯ ᠨᠢ ᠮᠠᠯᠴᠢᠳ ᠠᠴᠠ ᠰᠠᠯᠵᠣ ᠦᠯᠦ ᠪᠣᠯᠣᠨ᠎ᠠ᠃ | ᠨᠠᠶᠢᠷᠠᠭᠤᠯᠣᠭᠰᠠᠨ ᠤ ᠲᠠᠷᠠᠭ᠎ᠠ᠄ ᠠᠮᠢ ᠠᠬᠤᠢ ᠶᠢᠨ ᠵᠢᠭᠤᠯᠴᠢᠯᠠᠯ ᠤᠨ ᠣᠶᠢᠯᠡᠰ ᠢ ᠡᠷᠬᠢᠯᠡᠬᠦ ᠳᠤ᠂ ᠠᠮᠢ | ᠠᠬᠤᠢ ᠪᠣᠯᠣᠨ ᠵᠢᠭᠤᠯᠴᠢᠯᠠᠯ ᠢ ᠠᠳᠠᠯᠢ ᠲᠡᠭᠰᠢᠬᠡᠨ ᠪᠠᠶᠢᠷᠢᠨ ᠳᠤ ᠲᠠᠯᠪᠢᠬᠤ ᠳᠠᠭᠠᠨ ᠲᠠᠭᠠᠷᠠᠨ᠎ᠠ᠃ ᠣᠴᠢᠷ ᠨᠢ ᠠᠮᠢ | ᠠᠬᠤᠢ ᠶᠢᠨ ᠵᠢᠭᠤᠯᠴᠢᠯᠠᠯ ᠤᠨ ᠣᠷᠢᠳᠠᠯ ᠨᠢ ᠲᠠᠷᠣᠢ ᠠᠮᠢ ᠠᠬᠤᠢ ᠳᠠᠭᠠᠨ ᠪᠠᠶᠢᠭ᠎ᠠ᠃ ᠭᠡᠳᠡᠯ᠎ᠠ ᠣᠳᠣᠬᠠᠨ ᠤ | ᠪᠠᠶᠢᠳᠠᠯ ᠠᠴᠠ ᠦᠵᠡᠪᠡᠯ ᠠᠵᠣ ᠠᠬᠤᠢ ᠶᠢᠨ ᠦᠷ᠎ᠠ ᠠᠰᠢᠭ ᠢ ᠬᠡᠳᠣ ᠴᠢᠬᠤᠯᠠᠴᠢᠯᠠᠵᠣ᠂ ᠠᠮᠢ ᠠᠬᠤᠢ ᠶᠢ | ᠪᠣᠬᠢᠷᠳᠣᠭᠤᠯᠬᠤ ᠪᠣᠶᠣ ᠡᠪᠳᠡᠨ ᠲᠠᠯᠬᠢᠵᠣ ᠪᠠᠶᠢᠭ᠎ᠠ ᠪᠠᠶᠢᠳᠠᠯ ᠵᠠᠷᠢᠮ ᠭᠠᠵᠠᠷ ᠲᠤ ᠨᠣᠴᠢᠳᠠᠢ ᠣᠷᠣᠰᠢᠵᠣ ᠪᠠᠶᠢᠭ᠎ᠠ | ᠭᠡᠳᠡᠭ ᠢ ᠠᠩᠬᠠᠷᠣᠯ ᠳᠠᠭᠠᠨ ᠠᠪᠣᠪᠠᠯ ᠵᠣᠬᠢᠨ᠎ᠠ᠃ ᠠᠮᠢᠳᠣᠷᠠᠨ ᠣᠷᠣᠰᠢᠬᠤ ᠶᠢᠨ ᠡᠬᠢ ᠰᠣᠷᠪᠣᠯᠵᠢ ᠪᠣᠯᠣᠭᠰᠠᠨ | ᠣᠷᠣᠯᠭ᠎ᠠ ᠶᠢᠨ ᠬᠤᠪᠢ ᠠᠴᠠ ᠠᠪᠴᠣ ᠬᠡᠯᠡᠪᠡᠯ ᠠᠵᠣ ᠠᠬᠤᠢ ᠶᠢᠨ ᠦᠷ᠎ᠠ ᠠᠰᠢᠭ ᠢ ᠴᠢᠬᠤᠯᠠᠴᠢᠯᠠᠬᠤ ᠨᠢ ᠬᠡᠯᠡᠯᠭᠡᠨ | ᠦᠭᠡᠢ ᠲᠠᠭᠠᠷᠠᠨ᠎ᠠ᠂ ᠭᠡᠪᠡᠴᠣ ᠠᠮᠢ ᠠᠬᠤᠢ ᠪᠠᠷ ᠦᠷᠡᠭᠳᠡᠯ ᠪᠣᠯᠭᠠᠬᠤ ᠦᠭᠡᠢ᠃ ᠠᠮᠢ ᠠᠬᠤᠢ ᠪᠠᠨ ᠠᠯᠳᠠᠴᠢᠬᠠᠪᠠᠯ | ᠵᠢᠭᠤᠯᠴᠢᠯᠠᠯ ᠭᠡᠵᠣ ᠦᠭᠡᠢ ᠪᠣᠯᠣᠨ᠎ᠠ᠃ | ᠪᠠᠶᠢᠭᠠᠯᠢ᠂ ᠮᠠᠯᠴᠢᠨ᠂ ᠮᠠᠯ ᠰᠦᠷᠦᠭ ᠭᠤᠷᠪᠠ ᠶᠢᠨ ᠣᠶᠠᠯᠳᠣᠯ ᠲᠣᠣᠷ᠎ᠠ ᠮᠣᠩᠭᠤᠯ ᠭᠠᠵᠠᠷ ᠤᠨ ᠬᠡᠶᠢᠮᠣᠷᠢ | ᠰᠦᠯᠳᠠ ᠮᠠᠨᠳᠣᠳᠠᠭ᠃ ᠡᠶᠢᠮᠣ ᠠᠴᠠ ᠮᠣᠩᠭᠤᠯ ᠭᠠᠵᠠᠷ ᠤᠨ ᠠᠭᠤᠯᠠ ᠣᠰᠣ᠂ ᠡᠪᠡᠰᠣ ᠣᠷᠭᠤᠮᠠᠯ᠂ ᠠᠮᠢᠳᠠᠨ | ᠵᠢᠭᠦᠷᠳᠡᠨ᠂ ᠲᠡᠣᠬᠡ ᠰᠣᠶᠣᠯ᠂ ᠵᠠᠩ ᠠᠷᠠᠨᠰᠢᠨ ᠤ ᠠᠯᠢ ᠨᠢ ᠴᠥ ᠲᠣᠳᠠᠵᠣ ᠦᠯᠦ ᠪᠣᠯᠣᠨ᠎ᠠ᠃ ᠮᠠᠯᠵᠢᠬᠤ ᠣᠷᠣᠨ | ᠪᠣᠯ ᠠᠮᠢ ᠠᠬᠤᠢ ᠶᠢᠨ ᠵᠢᠭᠤᠯᠴᠢᠯᠠᠯ ᠤᠨ ᠣᠶᠢᠯᠡᠰ ᠢ ᠬᠦᠭᠵᠢᠭᠦᠯᠬᠦ ᠬᠠᠮᠤᠭ ᠤᠨ ᠰᠢᠨᠵᠢᠯᠡᠬᠦ ᠣᠬᠠᠭᠠᠨᠴᠢ | ᠰᠣᠩᠭᠤᠯᠳᠠ ᠶᠢᠨ ᠭᠠᠵᠠᠷ ᠤᠨ ᠨᠢᠭᠡ ᠨᠢ ᠪᠣᠯᠣᠨ᠎ᠠ᠂ ᠣᠴᠢᠷ ᠨᠢ ᠮᠠᠯᠵᠢᠬᠤ ᠣᠷᠣᠨ ᠪᠣᠯ ᠬᠦᠮᠦᠨ ᠲᠦᠷᠦᠯᠬᠢᠳᠡᠨ ᠤ | ᠠᠮᠢ ᠠᠬᠤᠢ ᠶᠢᠨ ᠪᠣᠯᠪᠠᠰᠣᠨ ᠤ ᠦᠯᠦᠬᠡᠢ ᠶᠢᠨ ᠴᠢᠬᠤᠯᠠ ᠰᠠᠭᠤᠷᠢ ᠪᠣᠯᠬᠤ ᠮᠦᠷᠳᠡᠭᠡᠨ ᠮᠦᠨᠴᠣ ᠬᠦᠮᠦᠨ | ᠲᠦᠷᠦᠯᠬᠢᠳᠡᠨ ᠤ ᠬᠠᠮᠤᠭ ᠣᠬᠢ ᠰᠢᠯᠢᠳᠡᠭ ᠵᠠᠩ ᠠᠷᠠᠨᠰᠢᠨ ᠪᠣᠯᠬᠤ ᠡᠶ᠎ᠡ ᠵᠣᠬᠢᠴᠠᠯ ᠤᠨ ᠡᠬᠦᠰᠣᠨ ᠬᠦᠭᠵᠢᠭᠰᠡᠨ | ᠭᠠᠵᠠᠷ ᠪᠣᠯᠣᠨ᠎ᠠ᠃ ᠡᠶᠢᠮᠣ ᠠᠴᠠ ᠵᠢᠭᠤᠯᠴᠢᠯᠠᠯ ᠤᠨ ᠣᠶᠢᠯᠡᠰ ᠢ ᠬᠦᠭᠵᠢᠭᠦᠯᠬᠦ ᠳᠤ ᠦᠪᠡᠷ ᠤᠨ ᠦᠨᠳᠣᠰᠣᠳᠠᠨ ᠤ | ᠭᠠᠵᠠᠷ ᠣᠷᠣᠨ᠂ ᠲᠡᠣᠬᠡ ᠰᠣᠶᠣᠯ᠂ ᠵᠠᠩ ᠠᠷᠠᠨᠰᠢᠨ ᠳᠤ ᠵᠣᠬᠢᠴᠠᠭᠤᠯᠵᠣ ᠠᠮᠢ ᠠᠬᠤᠢ ᠪᠣᠯᠣᠨ ᠵᠢᠭᠤᠯᠴᠢᠯᠠᠯ ᠤᠨ | ᠬᠤᠣᠰ ᠦᠷ᠎ᠠ ᠠᠰᠢᠭ ᠢ ᠣᠯᠪᠠᠯ ᠵᠣᠬᠢᠨ᠎ᠠ᠃ | | |