ᠬᠡᠤᠬᠡᠳ ᠢᠶᠠᠨ ᠰᠤᠷᠭᠠᠬᠤ ᠬᠠᠮᠤᠬ ᠤᠨ ᠰᠠᠶᠢᠨ ᠴᠠᠬ ᠲᠤᠬᠢᠶᠡᠯ
ᠨᠡᠶᠢᠲᠡᠯᠡᠭᠰᠡᠨ ᠴᠠᠭ᠄
2020/3/17
     ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠦᠶᠡᠰ      ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠡᠰᠡᠬᠦᠯ᠎ᠠ ᠰᠢᠨ᠎ᠠ ᠰᠤᠷᠤᠯᠭ᠎ᠠ ᠶᠢᠨ ᠤᠷᠴᠢᠨ ᠳᠤ ᠤᠴᠢᠬᠤ ᠨᠢ ᠬᠡᠤᠬᠡᠳ ᠲᠤ ᠯᠡᠪᠲᠡᠢ ᠨᠢᠬᠡ ᠵᠦᠢᠯ ᠤᠨ ᠰᠢᠨ᠎ᠠ ᠤᠬᠠᠮᠰᠡᠷ ᠢ ᠤᠯᠭᠤᠨ᠎ᠠ᠃ ᠡᠨᠡ ᠦᠶ᠎ᠠ ᠳᠤ ᠡᠴᠢᠬᠡ ᠡᠬᠡ ᠪᠤᠯᠤᠬᠰᠠᠳ ᠪᠠᠶᠢᠲᠠᠯ ᠢ ᠦᠵᠡᠵᠤ ᠪᠠᠶᠢᠭᠠᠳ ᠬᠡᠤᠬᠡᠳ ᠢᠶᠠᠨ ᠵᠢᠭᠠᠨ ᠵᠢᠯᠤᠭᠤᠳᠪᠡᠯ ᠮᠠᠰᠢ ᠪᠦᠲᠦᠮᠵᠢᠲᠡᠢ ᠪᠠᠶᠢᠲᠠᠬ᠃      ᠬᠡᠤᠬᠡᠳ ᠠᠮᠵᠢᠯᠲᠡ ᠶᠢᠨ ᠪᠡᠶᠡᠷ ᠵᠢᠷᠭᠠᠯ ᠢ ᠡᠳ᠋ᠯᠡᠵᠤ ᠪᠠᠶᠢᠬᠤ ᠦᠶᠡᠰ      ᠡᠨᠡ ᠦᠶ᠎ᠠ ᠳᠤ ᠡᠴᠢᠬᠡ ᠡᠬᠡ ᠪᠤᠯᠤᠬᠰᠠᠳ ᠬᠡᠤᠬᠡᠳ ᠲᠡᠭᠡᠨ ᠪᠠᠶᠡᠷ ᠬᠦᠷᠬᠡᠵᠤ ᠵᠤᠷᠢᠬᠵᠢᠭᠤᠯᠬᠤ ᠶᠢᠨ ᠬᠠᠮᠲᠦ ᠂ ᠪᠤᠲᠠᠲᠠᠢ ᠰᠠᠨᠠᠭᠤᠯᠭ᠎ᠠ ᠪᠤᠶᠤ ᠱᠠᠭᠠᠷᠲᠠᠯᠭ᠎ᠠ ᠲᠤᠷᠡᠳᠬᠤ ᠨᠢ ᠮᠠᠰᠢ ᠦᠨᠲᠦᠷ ᠦᠷ᠎ᠠ ᠪᠦᠲᠦᠮᠵᠢᠲᠡᠢ ᠪᠠᠶᠢᠲᠠᠬ᠃      ᠬᠡᠤᠬᠡᠳ ᠭᠤᠮᠤᠲᠠᠵᠤ ᠬᠢᠯᠢᠰᠲᠠᠬᠦ ᠦᠶᠡᠰ      ᠡᠨᠡ ᠦᠶ᠎ᠠ ᠳᠤ ᠡᠴᠢᠬᠡ ᠡᠬᠡ ᠪᠤᠯᠤᠬᠰᠠᠳ ᠡᠷᠬᠡᠪᠰᠢ ᠲᠤᠬᠲᠠᠭᠤᠨ ᠲᠠᠶᠢᠪᠤᠡᠭ ᠪᠠᠶᠢᠵᠤ᠂ ᠠᠭᠤᠲᠡᠮ ᠪᠠᠭᠲᠠᠭᠠᠮᠵᠢ ᠲᠠᠢ ᠪᠠᠷ ᠬᠡᠤᠬᠡᠳ ᠢᠶᠠᠨ ᠬᠠᠪᠰᠤᠷᠴᠤ᠂ ᠭᠤᠮᠤᠲᠡᠯ ᠬᠢᠯᠢᠰᠲᠡᠯ ᠢ ᠨᠢ ᠠᠷᠢᠯᠭᠠᠵᠤ ᠦᠭᠪᠡᠯ ᠬᠡᠤᠬᠡᠳ ᠴᠢᠩ ᠰᠡᠳᠬᠢᠯ ᠠᠴᠠ ᠪᠠᠨ ᠪᠡᠶᠡᠷᠯᠡᠵᠤ ᠲᠠᠯᠠᠷᠬᠠᠬᠤ ᠪᠦᠬᠡᠳ ᠡᠴᠢᠬᠡ ᠡᠬᠡ ᠶᠢᠨ ᠢᠶᠠᠨ ᠰᠤᠷᠭᠠᠯ ᠰᠡᠷᠡᠮᠵᠢᠯᠡᠬᠦᠯᠤᠯ ᠢ ᠬᠢᠯᠪᠡᠷᠬᠠᠨ ᠬᠦᠯᠢᠶᠡᠨ ᠠᠪᠲᠠᠬ᠃      ᠪᠠᠭᠰᠢ ᠠᠴᠠ ᠬᠡᠷ ᠤᠨ ᠠᠬᠠᠮᠠᠳ ᠲᠠᠢ ᠶᠠᠷᠢᠯᠴᠠᠬᠤ ᠦᠶᠡᠰ      ᠡᠨᠡ ᠦᠶ᠎ᠠ ᠳᠤ ᠡᠴᠢᠬᠡ ᠡᠬᠡ ᠪᠤᠯᠤᠬᠰᠠᠳ ᠬᠡᠤᠬᠡᠳ ᠤᠨ ᠢᠶᠠᠨ ᠰᠠᠶᠢᠨ ᠲᠠᠢ ᠲᠠᠯ᠎ᠠ ᠶᠢ ᠪᠠᠭᠰᠢ ᠳᠤᠨᠢ ᠬᠡᠯᠡᠬᠦ ᠶᠢᠨ ᠲᠠᠭᠠᠤ ᠬᠦᠰᠡᠵᠤ ᠡᠷᠡᠮᠡᠯᠵᠡᠭᠰᠡᠨ ᠠᠶᠠᠰ ᠢᠶᠠᠷ ᠲᠤᠲᠠᠬᠲᠠᠯ ᠲᠠᠢ ᠲᠠᠯ᠎ᠠ ᠶᠢ ᠨᠢ ᠵᠢᠭᠠᠵᠤ ᠭᠠᠷᠭᠠᠨ᠎ᠠ᠃ ᠬᠠᠷᠢᠨ ︽ᠵᠠᠭᠠᠯᠲᠤᠭᠠᠳ︾ ᠯᠡ ᠪᠠᠶᠢᠵᠤ ᠪᠤᠯᠬᠤ ᠦᠬᠡᠢ᠃      ᠬᠡᠤᠬᠡᠳ ᠬᠦᠴᠢᠷᠲᠡᠯ ᠳᠤ ᠲᠤᠯᠭᠠᠷᠡᠬᠤ ᠪᠤᠶᠤ ᠢᠯᠡᠬᠲᠡᠯ ᠳᠤ ᠤᠴᠠᠷᠡᠬᠤ ᠦᠶᠠᠰ      ᠡᠨᠡ ᠦᠶ᠎ᠠ ᠳᠤ ᠡᠴᠢᠬᠡ ᠡᠬᠡ ᠪᠤᠯᠤᠬᠰᠠᠳ ᠵᠦᠪᠬᠡᠨ ᠪᠤᠷᠤᠭᠤᠰᠢᠶᠠᠭᠠᠳ ᠯᠡ ᠪᠠᠶᠢᠵᠤ ᠪᠤᠯᠬᠤ ᠦᠬᠡᠢ᠂ ᠬᠠᠷᠢᠨ ᠬᠡᠤᠬᠡᠳ ᠤᠨ ᠢᠶᠠᠨ ᠴᠢᠷᠮᠠᠶᠢᠯᠭ᠎ᠠ ᠶᠢ ᠨᠤᠲᠠᠯᠠᠵᠤ᠂ ᠬᠡᠤᠬᠡᠳ ᠤᠨ ᠢᠶᠠᠨ ᠬᠦᠷᠦᠯᠴᠡᠬᠦ ᠦᠬᠡᠢ ᠲᠠᠯ᠎ᠠ ᠶᠢ ᠵᠢᠭᠠᠨ ᠭᠠᠷᠭᠠᠵᠤ᠂ ᠬᠡᠤᠬᠡᠳ ᠢᠶᠠᠨ ᠬᠠᠪᠰᠤᠷᠴᠤ ᠬᠦᠴᠢᠷᠲᠡᠯ ᠢ ᠢᠯᠠᠨ ᠲᠠᠪᠠᠭᠤᠯᠪᠠᠯ ᠵᠤᠬᠢᠨ᠎ᠠ᠃      ᠬᠡᠤᠬᠡᠳ ᠶᠡᠭᠡ ᠠᠯᠲᠠᠭ᠎ᠠ ᠭᠠᠷᠭᠠᠬᠤ ᠦᠶᠡᠰ      ᠡᠨᠡ ᠦᠶ᠎ᠠ ᠳᠤ ᠬᠡᠤᠬᠡᠳ ᠤᠨ ᠬᠠᠮᠤᠬ ᠤᠨ ᠬᠦᠰᠡᠵᠤ ᠬᠦᠯᠢᠶᠡᠲᠡᠭ ᠨᠢ ᠡᠴᠢᠬᠡ ᠡᠬᠡ ᠶᠢᠨ ᠦᠢᠯᠠᠭᠠᠯᠲᠠ᠂ ᠠᠭᠤᠴᠢᠯᠡᠯ ᠪᠤᠯᠬᠤ ᠶᠤᠮ᠃ ᠤᠯᠡᠩᠬᠢ ᠪᠠᠶᠢᠲᠠᠯ ᠳᠤ ᠡᠴᠢᠬᠡ ᠡᠬᠡ ᠪᠤᠯᠤᠬᠰᠠᠳ ᠰᠠᠶᠢᠨ ᠵᠦᠭ ᠲᠤ ᠴᠢᠲᠠᠮᠠᠭᠠᠢ ᠲᠠᠭᠠᠭᠤᠯᠬᠤ ᠨᠢ ᠲᠤᠩ ᠰᠠᠶᠢᠨ ᠦᠷ᠎ᠠ ᠪᠦᠲᠦᠮᠵᠢᠲᠠᠢ ᠪᠠᠶᠢᠳᠠᠬ᠃      ᠬᠡᠤᠬᠡᠳ ᠶᠠᠮᠠᠷ ᠨᠢᠬᠡᠨ ᠵᠦᠢᠯ ᠳᠤ ᠲᠤᠷ᠎ᠠ ᠪᠠᠬ᠎ᠠ ᠲᠠᠢ ᠪᠤᠯᠬᠤ ᠦᠶᠡᠰ      ᠡᠨᠡ ᠦᠶ᠎ᠠ ᠳᠤ ᠡᠴᠢᠬᠡ ᠡᠬᠡ ᠪᠤᠯᠤᠬᠰᠠᠳ ᠬᠡᠤᠬᠡᠳ ᠢᠶᠠᠨ ᠢᠲᠡᠪᠬᠢᠲᠡᠢ ᠲᠠᠮᠵᠢᠵᠤ ᠵᠤᠷᠢᠬᠵᠢᠭᠤᠯᠤᠨ᠂ ᠬᠡᠤᠬᠡᠳ ᠤᠨ ᠲᠤᠷ᠎ᠠ ᠪᠠᠬ᠎ᠠ ᠶᠢ ᠬᠦᠭᠵᠢᠭᠡᠵᠦ ᠮᠡᠲᠡᠯᠬᠡ ᠡᠵᠡᠮᠰᠢᠬᠦᠯᠤᠨ᠂ ᠰᠢᠮᠲᠡᠨ ᠰᠤᠷᠤᠯᠴᠠᠬᠤ ᠤᠷᠮ᠎ᠠ ᠶᠢ ᠬᠦᠮᠦᠵᠢᠬᠦᠯᠤᠨ᠎ᠠ᠃      ᠬᠠᠮᠲᠦ ᠶᠢᠨ ᠬᠦᠲᠡᠯᠬᠡᠬᠡᠨ ᠳᠤ ᠤᠷᠤᠯᠴᠠᠬᠤ ᠦᠶᠡᠰ      ᠡᠨᠡ ᠦᠶ᠎ᠠ ᠳᠤ ᠡᠴᠢᠬᠡ ᠡᠬᠡ ᠪᠤᠯᠤᠬᠰᠠᠳ ᠬᠡᠤᠬᠡᠳ ᠢᠶᠠᠨ ᠢᠲᠡᠪᠬᠢᠲᠡᠢ ᠲᠠᠮᠵᠢᠵᠤ ᠵᠤᠷᠢᠬᠵᠢᠭᠤᠯᠤᠨ᠂ ᠬᠡᠤᠬᠡᠳ ᠤᠨ ᠲᠤᠷ᠎ᠠ ᠪᠠᠬ᠎ᠠ ᠶᠢ ᠬᠦᠭᠵᠢᠭᠡᠵᠦ ᠮᠡᠲᠡᠯᠬᠡ ᠡᠵᠡᠮᠰᠢᠬᠦᠯᠤᠨ᠂ ᠰᠢᠮᠲᠡᠨ ᠰᠤᠷᠤᠯᠴᠠᠬᠤ ᠤᠷᠮ᠎ᠠ ᠶᠢ ᠬᠦᠮᠦᠵᠢᠬᠦᠯᠤᠨ᠎ᠠ᠃      ᠪᠤᠰᠤᠳ ᠬᠦᠮᠤᠨ ᠠᠮᠵᠢᠯᠲᠡ ᠤᠯᠬᠤ ᠦᠶᠠᠰ      ᠡᠨᠡ ᠦᠶ᠎ᠠ ᠳᠤ ᠬᠡᠤᠬᠡᠳ ᠲᠤᠲᠤᠷ᠎ᠠ ᠪᠠᠨ ︽ᠪᠢ ᠪᠠᠰᠠ ᠰᠠᠶᠢᠨ ᠬᠢᠷᠢ ᠪᠦᠲᠦᠮᠵᠢ ᠤᠯᠤᠨ᠎ᠠ︾ ᠬᠡᠵᠤ ᠰᠠᠮᠠᠬᠡᠷ ᠵᠤᠷᠢᠬ ᠰᠢᠭᠤᠳᠲᠠᠬ᠃ ᠡᠴᠢᠬᠡ ᠡᠬᠡ ᠪᠤᠯᠤᠬᠰᠠᠳ ᠡᠨᠡ ᠬᠦ ᠴᠠᠬ ᠲᠤᠬᠢᠶᠡᠯ ᠢ ᠠᠮᠵᠢᠵᠤ᠂ ᠬᠡᠤᠬᠡᠳ ᠲᠡᠭᠡᠨ ᠵᠦᠢ ᠵᠤᠬᠢᠰᠲᠠᠢ ᠱᠠᠭᠠᠷᠲᠠᠯᠭ᠎ᠠ ᠲᠤᠷᠡᠳᠴᠤ᠂ ᠬᠡᠤᠬᠡᠳ ᠤᠨ ᠢᠶᠠᠨ ᠨᠢᠬᠡ ᠴᠠᠬ ᠤᠨ ᠤᠷᠬᠢᠯᠤᠮ᠎ᠠ ᠬᠠᠯᠠᠭᠤᠨ ᠰᠡᠳᠬᠢᠯᠬᠡ ᠶᠢ ᠤᠲᠠᠭᠠᠨ ᠲᠠᠭᠠᠭᠠᠮᠠᠭᠠᠢ ᠠᠵᠢᠯᠯᠠᠭ᠎ᠠ ᠪᠤᠯᠭᠠᠨ ᠬᠤᠪᠢᠷᠡᠭᠤᠯᠪᠡᠯ ᠵᠤᠬᠢᠨ᠎ᠠ᠃      ᠠᠶᠢᠯᠴᠢᠯᠠᠬᠤ ᠪᠤᠶᠤ ᠵᠤᠴᠢᠯᠠᠬᠤ ᠦᠶᠡᠰ      ᠬᠡᠤᠬᠡᠳ ᠪᠤᠯᠭᠠᠨ ᠮᠠᠬᠲᠠᠭᠠᠯ ᠳᠤ ᠲᠤᠷᠡᠲᠠᠢ ᠪᠠᠶᠢᠵᠤ᠂ ᠪᠤᠰᠤᠳ ᠤᠨ ᠡᠮᠤᠨ᠎ᠠ ᠡᠯᠡᠭ ᠪᠤᠯᠬᠤ ᠠᠴᠠ ᠪᠠᠨ ᠠᠶᠤᠲᠠᠬ᠃ ᠡᠶᠢᠮᠤ ᠠᠴᠠ ᠡᠨᠡ ᠦᠶ᠎ᠠ ᠳᠤ ᠡᠴᠢᠬᠡ ᠡᠬᠡ ᠪᠤᠯᠤᠬᠰᠠᠳ ᠬᠡᠤᠬᠡᠳ ᠤᠨ ᠢᠶᠠᠨ ᠨᠡᠷᠡᠯᠬᠡᠭ ᠰᠡᠳᠬᠢᠯ ᠢ ᠤᠨᠴᠡ ᠠᠩᠬᠠᠷᠴᠤ᠂ ᠪᠤᠰᠤᠳ ᠤᠨ ᠡᠮᠤᠨ᠎ᠠ ᠲᠤᠲᠠᠬᠲᠠᠯ ᠢ ᠨᠢ ᠢᠯᠡᠴᠢᠯᠡᠬᠦ ᠶᠢ ᠴᠡᠬᠡᠷᠯᠡᠵᠤ᠂ ᠲᠠᠪᠠᠭᠤᠯᠢᠬ ᠪᠡ ᠰᠠᠶᠢᠨ ᠢ ᠨᠢ ᠲᠤᠷᠡᠳᠬᠤ ᠳᠠᠭᠠᠨ ᠦᠪᠡᠷ ᠤᠨ ᠬᠦᠰᠠᠯ ᠢᠶᠠᠨ ᠵᠤᠬᠢᠰᠲᠠᠢ ᠴᠤᠬᠤᠶᠢᠯᠭᠠᠪᠠᠯ ᠵᠤᠬᠢᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号