ᠮᠠᠨ ᠤ ᠦᠶ᠎ᠡ ᠶᠢᠨ ᠬᠦᠮᠦᠰ | ᠵᠣᠬᠢᠶᠠᠭᠴᠢ᠄ ᠯᠢ ᠪᠣᠶᠠᠨᠴᠣᠬᠯᠠ | ᠮᠠᠨ ᠤ ᠦᠶ᠎ᠡ ᠶᠢᠨ ᠬᠦᠮᠦᠰ | ᠨᠢᠯᠬ᠎ᠠ ᠪᠠᠯᠴᠢᠷ ᠲᠤ ᠪᠠᠨ ᠨᠢᠴᠦᠭᠦᠨ ᠭᠦᠶᠦᠭᠰᠡᠨ | ᠨᠢᠮᠭᠡᠨ ᠬᠤᠭᠤᠰᠤᠨ ᠶᠠᠳᠠᠭᠤ ᠥᠰᠦᠭᠰᠡᠨ | ᠨᠢᠩᠵᠢᠨ ᠰᠡᠦᠨᠬᠢᠯ ᠠᠷᠢᠭᠤᠨ ᠶᠠᠪᠤᠬᠰᠠᠨ | ᠨᠢᠮᠪᠠᠢ ᠭᠠᠮᠲᠠᠢ ᠠᠮᠢᠳᠤᠷᠠᠯ ᠡᠳ᠋ᠯᠡᠭᠰᠡᠨ᠃ | ᠮᠠᠨ ᠤ ᠦᠶ᠎ᠡ ᠶᠢᠨ ᠬᠦᠮᠦᠰ | ᠣᠯᠵᠠ ᠠᠰᠢᠭ ᠲᠤ ᠭᠤᠷᠢᠯᠠᠯ ᠦᠭᠡᠢ | ᠣᠮᠤᠭ ᠵᠣᠷᠢᠭ ᠰᠤᠯᠠᠷᠠᠯ ᠦᠭᠡᠢ | ᠠᠷᠠᠳ ᠲᠦᠮᠡᠨ ᠳᠤ ᠣᠰᠤᠯᠳᠠᠯ ᠦᠭᠡᠢ | ᠠᠭᠤᠤ ᠲᠥᠷᠥ ᠳᠤ ᠭᠤᠮᠤᠳᠠᠯ ᠦᠭᠡᠢ᠃ | ᠮᠠᠨ ᠤ ᠦᠶ᠎ᠡ ᠶᠢᠨ ᠬᠦᠮᠦᠰ | ᠬᠤᠪᠢ ᠪᠠᠨ ᠪᠣᠳᠤᠬᠤ ᠶᠢ ᠮᠡᠳᠡᠭᠡ ᠦᠭᠡᠢ | ᠬᠤᠶᠢᠰᠢ ᠤᠬᠤᠷᠢᠬᠤ ᠶᠢ ᠴᠢᠳᠠᠭ᠎ᠠ ᠦᠭᠡᠢ | ᠬᠤᠪᠢᠨᠴᠢᠷ ᠦᠵᠡᠯ ᠲᠠᠢ ᠲᠡᠮᠡᠴᠡᠭᠰᠡᠨ | ᠬᠤᠪᠢᠰᠬᠠᠯ ᠭᠡᠳ ᠯᠠ ᠲᠡᠮᠡᠦᠯᠦᠭᠰᠡᠨ᠃ | ᠮᠠᠨ ᠤ ᠦᠶ᠎ᠡ ᠶᠢᠨ ᠬᠦᠮᠦᠰ | ᠤᠶᠢᠯᠡᠰ ᠠᠵᠢᠯ ᠳᠤ ᠪᠠᠨ ᠵᠢᠦᠨᠬᠦᠭᠴᠢ | ᠦᠷ᠎ᠡ ᠠᠴᠢᠷ ᠲᠤ ᠪᠠᠨ ᠥᠷᠦᠪᠴᠢ | ᠥᠪᠡᠷ ᠪᠦᠯᠢ ᠳᠤ ᠪᠠᠨ ᠦᠨᠡᠨᠴᠢ | ᠥᠨᠢᠷ ᠰᠣᠶᠣᠯ ᠢᠶᠠᠨ ᠥᠪᠯᠡᠭᠴᠢ᠃ | ᠮᠠᠨ ᠤ ᠦᠶ᠎ᠡ ᠶᠢᠨ ᠬᠦᠮᠦᠰ | ᠬᠦᠴᠢᠷ ᠢ ᠲᠤᠭᠤᠯᠤᠬᠰᠠᠨ ᠬᠦᠴᠦᠷᠬᠡᠭᠴᠢᠳ | ᠬᠦᠴᠦᠯᠡᠨ ᠲᠡᠮᠡᠴᠡᠭᠰᠡᠨ ᠡᠷᠡᠯᠬᠡᠭᠴᠢᠳ | ᠬᠠᠯᠠ ᠠᠮᠰᠠᠬᠰᠠᠨ ᠬᠥᠭᠡᠷᠦᠬᠦ᠋ᠢᠴᠦᠦᠨ | ᠬᠠᠲᠠᠭᠤᠵᠢᠯᠲᠠᠢ ᠠᠵᠢᠯᠯᠠᠬᠰᠠᠨ ᠬᠥᠨᠳᠦᠲᠡᠦᠨ᠃ | ᠮᠠᠨ ᠤ ᠦᠶ᠎ᠡ ᠶᠢᠨ ᠬᠦᠮᠦᠰ | ᠮᠠᠨᠳᠤᠬᠰᠠᠨ ᠲᠥᠷᠥ ᠳᠤ ᠪᠠᠨ ᠰᠢᠳᠤᠷᠭᠤ | ᠮᠠᠬᠲᠠᠭᠠᠯ ᠵᠢᠦᠨᠬᠦᠯ ᠭᠠᠪᠢᠶ᠎ᠠ ᠲᠠᠢ | ᠳᠠᠯᠠᠨ ᠣᠨ ᠠᠴᠠ ᠡᠮᠦᠨᠡᠬᠢ ᠤᠯᠤᠰ | ᠲᠠᠪᠢᠨ ᠨᠠᠰᠤ ᠶᠢ ᠳᠠᠪᠠᠭᠰᠠᠨ ᠬᠦᠮᠦᠰ ᠡ᠃ | | |