ᠲᠦᠷᠪᠡᠨ ᠴᠠᠭ ᠤᠨ ᠲᠠᠭᠤᠯᠠᠯ | ᠵᠣᠬᠢᠶᠠᠭᠴᠢ᠄ ᠦᠭᠡᠯᠡᠳ ᠪᠦ᠊ · ᠡᠷᠳᠡᠨᠢᠪᠠᠶᠠᠷ | ᠡᠪᠤᠯ | ᠡᠪᠤᠯ ᠭᠡᠵᠤ | ᠡᠪᠦᠭᠡ ᠶᠢᠨ ᠮᠢᠨᠢ | ᠠᠷᠠᠰᠤᠨ ᠲᠡᠪᠡᠯ ᠰᠢᠭ | ᠤᠯᠡᠨ ᠲᠡᠪᠬᠤᠷ ᠨᠦᠬᠦᠭᠡᠰᠦ | ᠨᠦᠬᠦᠭᠡᠰᠦ ᠪᠦᠷᠢ ᠨᠢ | ᠦᠯᠢᠭᠡᠷ ᠁ | ᠨᠠᠳᠠ ᠳᠤ ᠦᠯᠡᠳᠡᠭᠡᠭᠰᠡᠨ | ᠮᠦᠩᠭᠡ ᠶᠢᠨ ᠵᠠᠬᠢᠶ᠎ᠠ︕ | ᠬᠠᠪᠤᠷ | ᠬᠠᠪᠤᠷ ᠭᠡᠵᠤ | ᠡᠮᠡᠭᠡ ᠶᠢᠨ ᠮᠢᠨᠢ | ᠬᠥᠬᠡ ᠪᠥᠰ ᠲᠡᠷᠯᠢᠭ ᠰᠢᠭ | ᠲᠡᠭᠷᠢ ᠶᠢᠨ ᠦᠩᠭᠡ | ᠡᠮᠤᠨ᠎ᠠ ᠬᠤᠷᠮᠤᠢ ᠳᠤ ᠨᠢ | ᠢᠰᠢᠭᠡ ᠬᠤᠷᠠᠭ᠎ᠠ ᠡᠷᠭᠡᠯᠡᠨ ᠮᠠᠶᠢᠯᠠᠵᠤ | ᠠᠷᠤ ᠬᠤᠷᠮᠤᠢ ᠳᠤ ᠨᠢ | ᠤᠨᠠᠭ᠎ᠠ ᠲᠤᠭᠤᠯ ᠠᠯᠢᠶᠠᠷᠬᠠᠨ ᠲᠣᠭᠯᠠᠭᠰᠠᠨ | ᠡᠪᠤᠷ ᠲᠦᠭᠦᠷᠡᠩ | ᠦᠨ᠎ᠡ ᠲᠠᠢ ᠲᠡᠤᠭᠡ ᠁ | ᠨᠠᠳᠠ ᠳᠤ ᠦᠪᠯᠡᠭᠦᠯᠦᠭᠰᠡᠨ | ᠡᠰᠡᠨᠢᠯ ᠤᠨ ᠨᠤᠭᠤᠭᠠᠨ ᠬᠠᠶᠢᠷ᠎ᠠ︕ | ᠵᠤᠨ | ᠵᠤᠨ ᠭᠡᠵᠦ | ᠡᠵᠢ ᠶᠢᠨ ᠮᠢᠨᠢ | ᠶᠠᠭᠠᠨ ᠲᠡᠷᠯᠢᠭ ᠰᠢᠭ | ᠤᠭᠤᠷᠠᠭ ᠰᠦ᠋ ᠶᠢᠨ ᠦᠨᠦᠷ | ᠦᠨᠦᠷᠯᠡᠯ ᠪᠦᠭᠦᠳᠠ ᠨᠢ | ᠠᠯᠠᠭ ᠦᠭᠡᠢ ᠬᠠᠶᠢᠷ᠎ᠠ ᠁ | ᠦᠷ᠎ᠡ ᠪᠠᠨ ᠬᠡᠮᠡᠬᠦ | ᠦᠷᠦᠪᠴᠢᠭᠡᠨ ᠲᠠᠭᠤᠤ︕ | ᠨᠠᠮᠤᠷ | ᠨᠠᠮᠤᠷ ᠭᠡᠵᠦ | ᠠᠪᠤ ᠶᠢᠨ ᠮᠢᠨᠢ | ᠬᠠᠭᠤᠴᠢᠨ ᠵᠤᠪᠴᠠᠭ᠎ᠠ ᠰᠢᠬ | ᠨᠠᠷᠡᠨ ᠤ ᠦᠩᠭᠡ | ᠦᠩᠭᠡ ᠪᠦᠬᠦᠨ ᠨᠢ | ᠨᠡᠭᠦᠳᠡᠯ ᠤᠨ ᠦᠯᠢᠭᠡᠷ ᠁ | ᠬᠦᠦ ᠪᠠᠨ ᠬᠡᠮᠡᠬᠦ | ᠬᠦᠨᠳᠦ ᠵᠠᠬᠢᠶᠠᠰᠤ︕ | ᠲᠦᠷᠪᠡᠨ ᠤᠯᠠᠷᠢᠯ | ᠲᠦᠷᠪᠡᠨ ᠤᠯᠠᠷᠢᠯ ᠭᠡᠵᠦ | ᠨᠠᠳᠠ ᠳᠤ ᠪᠠᠨ ᠪᠦᠷ ᠴᠤ ᠠᠳᠠᠯᠢᠬᠠᠨ | ᠲᠡᠩᠴᠡᠭᠦᠦ ᠲᠡᠮᠳᠡᠭᠳᠦ ᠤᠬᠠᠭᠠᠨ | ᠠᠮᠢᠳᠤᠷᠠᠯ ᠤᠨ ᠬᠠᠲᠠᠭᠤ ᠲᠠᠩᠭᠠᠷᠢᠭ | ᠦᠪᠡᠷ ᠢᠶᠠᠨ ᠪᠢ | ᠤᠶᠤᠨ ᠢᠶᠠᠨ ᠰᠣᠷᠢᠭᠰᠠᠨ | ᠤᠤᠬᠠᠢ ᠳᠤᠤᠬᠠᠢ | ᠡᠶᠠᠷᠭᠦ᠂ ᠰᠦᠭᠡᠷᠭᠦ ᠲᠤᠭ᠎ᠠ | | |