ᠰᠢᠯᠦᠭᠴᠢ ᠭᠡᠳᠡᠭ ᠶᠠᠮᠠᠷ ᠬᠦᠮᠦᠨ ᠪᠤᠢ | ᠵᠣᠬᠢᠶᠠᠭᠴᠢ᠄ ᠵᠠᠨᠵᠦ | ᠰᠢᠯᠦᠭᠴᠢ ᠭᠡᠳᠡᠭ ᠶᠠᠮᠠᠷ ᠬᠦᠮᠦᠨ ᠪᠤᠢ | ᠰᠡᠯᠡᠮ᠎ᠡ ᠰᠦᠢᠷᠠᠭᠰᠠᠨ ᠪᠠᠭᠠᠳᠤᠷ ᠬᠦᠮᠦᠨ ᠤᠤ | ᠰᠡᠶᠢᠯᠵᠤ ᠤᠷᠠᠯᠠᠳᠠᠭ ᠵᠢᠷᠤᠭᠠᠴᠢ ᠬᠦᠮᠦᠨ ᠤᠤ | ᠰᠡᠳᠭᠢᠯ ᠠᠷᠢᠭᠤᠨ ᠮᠠᠯᠴᠢᠨ ᠬᠦᠮᠦᠨ ᠤᠤ | ᠬᠤᠷᠢᠮ ᠳᠦᠷᠦ ᠶᠢᠨ ᠢᠷᠦᠭᠡᠯᠴᠢ ᠬᠦᠮᠦᠨ ᠤᠤ | ᠬᠤᠭᠤᠷ ᠳᠠᠳᠠᠳᠠᠭ ᠬᠤᠯᠪᠤᠭᠠᠴᠢᠨ ᠬᠦᠮᠦᠨ ᠤᠤ | ᠬᠤᠨᠳᠠᠭ᠎ᠠ ᠡᠷᠭᠦᠭᠰᠡᠨ ᠰᠤᠭᠳᠤᠭᠤ ᠬᠦᠮᠦᠨ ᠤᠤ | ᠬᠤᠳᠠᠯ ᠬᠡᠯᠡᠳᠡᠭ ᠬᠤᠪᠴᠢ ᠬᠦᠮᠦᠨ ᠤᠤ | ᠨᠤᠮ ᠳᠡᠭᠦᠪᠦᠷᠢ ᠲᠠᠢ ᠵᠤᠬᠢᠶᠠᠯᠴᠢ ᠬᠦᠮᠦᠨ ᠤᠤ | ᠨᠤᠶᠠᠳ ᠢ ᠮᠠᠭᠳᠠᠳᠠᠭ ᠪᠢᠯᠳᠠᠥᠴᠢ ᠬᠦᠮᠦᠨ ᠤᠤ | ᠨᠤᠮᠤᠬᠠᠨ ᠰᠢᠳᠤᠷᠭᠤ ᠪᠢᠴᠢᠭᠳᠡᠨ ᠬᠦᠮᠦᠨ ᠤᠤ | ᠨᠤᠳᠤᠭ ᠢᠶᠠᠨ ᠬᠠᠮᠠᠭᠠᠯᠠᠳᠠᠭ ᠡᠵᠡᠨ ᠬᠦᠮᠦᠨ ᠤᠤ | ᠪᠢᠷ ᠬᠤᠷᠴᠠᠯᠠᠭᠰᠠᠨ ᠪᠢᠯᠢᠭᠳᠡᠨ ᠬᠦᠮᠦᠨ ᠤᠤ | ᠪᠤᠳᠤᠯ ᠴᠠᠯᠭᠢᠯᠠᠭᠰᠠᠨ ᠬᠦᠭᠡᠷᠳᠡᠭ ᠬᠦᠮᠦᠨ ᠤᠤ | ᠪᠤᠷᠤᠭᠤ ᠶᠢ ᠵᠢᠮᠡᠯᠡᠳᠡᠭ ᠭᠤᠥᠯᠴᠢ ᠬᠦᠮᠦᠨ ᠤᠤ | ᠪᠤᠷᠬᠠᠨ ᠰᠤᠷᠭᠠᠯ ᠲᠠᠢ ᠭᠡᠭᠡᠷᠡᠭᠰᠡᠨ ᠬᠦᠮᠦᠨ ᠤᠤ | ᠦᠰᠦᠭ ᠤᠪᠤᠭᠠᠯᠠᠳᠠᠭ ᠪᠠᠷᠢᠯᠭᠠᠴᠢᠨ ᠬᠦᠮᠦᠨ ᠤᠤ | ᠦᠭᠡ ᠰᠢᠷᠭᠠᠭᠠᠳᠠᠭ ᠨᠠᠶᠢᠷᠠᠭᠴᠢ ᠬᠦᠮᠦᠨ ᠤᠤ | ᠦᠭᠭᠢᠶᠡᠮᠦᠷ ᠮᠡᠳᠡᠯᠭᠡ ᠲᠠᠢ ᠡᠷᠳᠡᠮᠳᠡᠨ ᠬᠦᠮᠦᠨ ᠤᠤ | ᠦᠨᠡᠨ ᠢᠶᠠᠨ ᠬᠡᠯᠡᠳᠡᠭ ᠠᠰᠪᠦᠷ ᠬᠦᠮᠦᠨ ᠤᠤ | | |