ᠮᠤᠩᠭᠤᠯ ᠬᠤᠪᠴᠠᠰᠤ ᠵᠠᠰᠠᠯ ᠤᠨ ᠬᠤᠷᠤᠬᠠᠶᠢᠢᠳᠠᠨ ᠊᠊᠊᠊᠊᠊ ᠵᠢᠮᠢᠰ
ᠨᠡᠶᠢᠲᠡᠯᠡᠭᠰᠡᠨ ᠴᠠᠭ᠄
2019-12-18
             
             
     ᠵᠠᠷᠤᠳ ᠬᠤᠰᠢᠭᠤᠨ ᠤ ᠲᠤᠯᠤᠲᠦ ᠰᠤᠮᠤ ᠶᠢᠨ ᠬᠤᠶᠠᠷᠬᠤᠸᠠ ᠭᠠᠴᠠᠭᠠᠨ ᠤ ᠵᠢᠮᠢᠰ ᠤᠨ ᠤᠶᠤᠬᠰᠠᠨ ᠮᠤᠩᠭᠤᠯ ᠬᠤᠪᠴᠠᠰᠤ ᠵᠠᠰᠠᠯ ᠬᠦᠮᠦᠰ ᠤᠨ ᠪᠠᠭ᠋ᠠᠷᠬᠠᠯ ᠢ ᠲᠠᠲᠠᠨ᠎ᠠ᠃ ᠲᠡᠷᠡ ᠪᠠᠷ ᠦᠶ᠎ᠡ ᠬᠤᠷᠠᠭ ᠤᠨ ᠬᠦᠮᠦᠰ ᠤᠨ ᠢᠶᠠᠨ ᠨᠦᠯᠦᠭᠡ ᠶᠢ ᠬᠦᠷᠲᠡᠵᠦ᠂ 16 ᠨᠠᠰᠤᠲᠠᠢ ᠠᠴᠠ ᠪᠠᠨ ᠮᠤᠩᠭᠤᠯ ᠬᠤᠪᠴᠠᠰᠤ ᠵᠠᠰᠠᠯ ᠤᠶᠤᠬᠤ ᠤᠷᠮ᠎ᠠ ᠪᠠᠬ᠎ᠠ᠂ ᠤᠷ᠎ᠠ ᠠᠪᠢᠶᠠᠰ ᠲᠠᠢ ᠪᠤᠯᠤᠬᠰᠠᠨ ᠠᠵᠢ᠃      ᠊᠊᠊᠊᠊᠊ ᠮᠠᠨ ᠤ ᠪᠠᠭ᠎ᠠ ᠶᠢᠨ ᠦᠶ᠎ᠡ ᠳᠤ ᠤᠶᠤᠳᠠᠯ ᠤᠶᠤᠬᠤ ᠴᠢᠨᠢ ᠡᠩ ᠤᠨ ᠤᠴᠢᠷ᠂ ᠤᠳᠤ ᠶᠢᠨ ᠰᠢᠭ ᠵᠡᠭᠡᠯᠢ ᠠᠴᠠ ᠬᠤᠪᠴᠠᠰᠤ ᠬᠤᠨᠠᠷ ᠢᠶᠠᠨ ᠬᠤᠳᠠᠯᠳᠤᠨ ᠠᠪᠴᠤ ᠡᠮᠦᠰᠳᠡᠭ ᠠᠶᠢᠯ ᠡᠳᠦᠷ ᠤᠨ ᠤᠳᠤ ᠮᠡᠲᠦ ᠴᠦᠭᠡᠨ᠃ ᠡᠭᠡᠴᠢ ᠨᠠᠷ ᠨᠢ ᠲᠡᠬᠦᠦ ᠨᠠᠷ ᠲᠠᠭᠠᠨ ᠬᠤᠪᠴᠠᠰᠤ ᠱᠠᠬᠠᠢ ᠤᠶᠤᠨ᠎ᠠ᠂ ᠲᠡᠬᠦᠦ ᠨᠠᠷ ᠨᠢ ᠡᠭᠡᠴᠢ ᠨᠠᠷ ᠤᠨ ᠢᠶᠠᠨ ᠤᠶᠤᠬᠤ ᠶᠢ ᠦᠵᠡᠵᠦ ᠰᠤᠷᠤᠨ᠎ᠠ᠃ ᠬᠡᠨ ᠨᠢ ᠰᠠᠶᠢᠬᠠᠨ ᠤᠶᠤᠵᠦ ᠪᠠᠶᠢᠨ᠎ᠠ᠂ ᠬᠡᠨ ᠨᠢ ᠠᠨᠠᠢ ᠤᠶᠤᠵᠦ ᠪᠠᠶᠢᠨ᠎ᠠ ᠭᠡᠵᠦ ᠠᠳᠠᠯᠢᠳᠬᠠᠬᠰᠠᠭᠠᠷ ᠪᠠᠶᠢᠭᠠᠳ ᠪᠦᠬᠦᠳᠡᠭᠡᠷ ᠢᠶᠠᠨ ᠡᠪᠯᠢᠭ ᠰᠠᠶᠢᠬᠠᠨ ᠤᠶᠤᠭᠠᠳ ᠰᠤᠷᠤᠴᠢᠬᠠᠨ᠎ᠠ ᠰᠢᠦ ᠭᠡᠵᠦ ᠵᠢᠮᠢᠰ ᠠᠴᠠ ᠤᠴᠢᠷᠯᠠᠨ᠎ᠠ᠃ ᠵᠢᠮᠢᠰ ᠭᠡᠷ ᠤᠨ ᠠᠵᠢᠯ ᠭᠠᠳᠠᠨᠠᠬᠢ ᠠᠵᠢᠯ ᠭᠡᠵᠦ ᠦᠤᠷ ᠤᠨ ᠭᠡᠭᠡ ᠲᠠᠢ ᠤᠷᠤᠯᠳᠤᠨ ᠪᠤᠰᠴᠤ᠂ ᠦᠳᠡᠰᠢ ᠶᠢᠨ ᠲᠤᠶᠠᠭ᠎ᠠ ᠶᠢ ᠦᠳᠡᠲᠡᠯ᠎ᠡ ᠮᠤᠩᠭᠠᠨᠢᠳᠠᠭ ᠪᠤᠯᠪᠠᠴᠦ ᠵᠢᠭᠠᠬᠠᠨ ᠵᠠᠪ ᠴᠢᠯᠦᠭᠡ ᠭᠠᠷᠤᠮᠠᠬᠴᠠ ᠮᠤᠩᠭᠤᠯ ᠲᠡᠪᠡᠯ ᠭᠤᠲᠤᠯ᠂ ᠬᠠᠳᠬᠤᠮᠠᠯ ᠰᠠᠶᠢᠯᠦᠮᠡᠯ ᠵᠡᠷᠭᠡ ᠪᠠᠨ ᠤᠶᠤᠬᠤ ᠶᠢ ᠵᠠᠪᠳᠤᠨ᠎ᠠ᠃ ᠤᠳᠤ ᠪᠣᠯᠬᠤ ᠳᠤ ᠲᠡᠷᠡ ᠲᠤᠭ᠎ᠠ ᠲᠤᠮᠰᠢ ᠦᠭᠡᠢ ᠤᠯᠠᠨ ᠮᠤᠩᠭᠤᠯ ᠤᠨᠴᠠᠯᠢᠭ᠂ ᠵᠠᠷᠤᠳ ᠤᠨᠴᠠᠯᠢᠭ ᠪᠦᠬᠦᠢ ᠬᠤᠪᠴᠠᠰᠤ ᠵᠠᠰᠠᠯ᠂ ᠭᠠᠷ ᠤᠷᠠᠯᠠᠯ ᠤᠨ ᠪᠦᠳᠦᠭᠡᠭᠳᠡᠬᠦᠨ ᠤᠷᠠᠯᠠᠨ ᠤᠶᠤᠬᠰᠠᠨ ᠪᠤᠯᠪᠠᠴᠦ ᠮᠦᠨ ᠬᠦ ᠤᠷᠮ᠎ᠠ ᠪᠠᠬ᠎ᠠ ᠳᠠᠭᠠᠨ ᠬᠦᠳᠦᠯᠦᠭᠳᠡᠨ ᠨᠡᠩ ᠤᠯᠠᠨ ᠨᠡᠩ ᠰᠠᠶᠢᠨ ᠪᠦᠳᠦᠭᠡᠭᠳᠡᠬᠦᠨ ᠭᠠᠷᠭᠠᠬᠤ ᠪᠠᠷ ᠮᠡᠷᠡᠶᠢᠨ ᠴᠢᠷᠮᠠᠶᠢᠨ᠎ᠠ᠃
           
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号