ᠬᠠᠷᠠᠭᠠᠨ ᠤ ᠦᠵᠦᠭᠦᠷ ᠠᠭᠤᠯᠠᠰ ᠪᠤᠭᠤᠷᠤᠯᠳᠤᠩᠬᠠᠨ | ᠬᠠᠯᠢᠭᠤᠨ ᠭᠠᠯᠠᠭᠤᠳ ᠤᠨ ᠨᠡᠭᠦᠳᠡᠯ ᠵᠡᠯᠡᠯᠡᠭᠡ ᠲᠠᠢ | ᠬᠠᠶᠢᠷ᠎ᠠ ᠬᠠᠶᠢᠷ᠎ᠠ ᠳᠠᠭᠠᠨ ᠠᠮᠢᠳᠤᠷᠠᠯ ᠴᠡᠴᠡᠭᠯᠡᠩᠬᠡᠨ | ᠬᠠᠨᠠᠭᠠᠷ ᠬᠦᠳᠡᠭᠡ ᠶᠢᠨ ᠬᠡᠬᠡᠨ ᠬᠠᠪᠤᠷ ᠤᠨ ᠦᠷᠯᠦᠭᠡ | ᠴᠠᠢ ᠶᠢᠨ ᠲᠡᠭᠡᠵᠢ ᠪᠠᠷ ᠢᠶᠠᠨ ᠨᠠᠷᠠ ᠤᠭᠳᠤᠩᠬᠠᠨ | ᠲᠠᠪᠤᠨ ᠬᠠᠨᠠᠳᠤ ᠠᠴᠠ ᠠᠶᠢᠷᠠᠭ ᠴᠡᠭᠡ ᠰᠡᠩᠭᠢᠨᠡᠩᠬᠡᠨ | ᠴᠡᠩᠭᠡᠷᠯᠡᠬᠦ ᠪᠤᠷᠤᠭᠠᠨ ᠢᠶᠠᠷ ᠴᠡᠴᠡᠭ ᠨᠢ ᠮᠦᠰᠢᠶᠡᠩᠬᠡᠨ | ᠲᠠ ᠪᠢᠳᠡᠨ ᠤ ᠤᠶᠠᠩᠭ᠎ᠠ ᠶᠢᠨ ᠵᠤᠨ ᠤ ᠦᠷᠯᠦᠭᠡ | ᠬᠠᠨ ᠬᠤᠷᠸ᠎ᠠ ᠳᠤ ᠰᠡᠳᠭᠢᠯ ᠤᠨ ᠢᠯᠴᠢ ᠲᠦᠭᠡᠨᠡᠩᠬᠡᠨ | ᠬᠠᠯᠠᠭᠤᠨ ᠰᠠᠭᠠᠬᠠᠯᠳᠠ ᠢᠳᠡᠭᠡᠯ ᠢᠶᠠᠷ ᠲᠠᠭᠤᠯᠠᠩᠬᠠᠨ | ᠬᠠᠨᠢᠰᠬᠤ ᠵᠠᠶᠠᠭᠠᠨ ᠳᠤ ᠮᠤᠩᠭᠤᠯ ᠠᠶᠢᠯ ᠨᠡᠮᠡᠭᠳᠡᠩᠭᠡᠨ | ᠬᠠᠶᠠᠭ᠎ᠠ ᠪᠠᠨ ᠲᠡᠯᠡᠭᠰᠡᠨ ᠨᠠᠯᠠᠭᠠᠷ ᠨᠠᠮᠤᠷ ᠤᠨ ᠦᠷᠯᠦᠭᠡ | ᠬᠤᠩᠭᠤᠷ ᠮᠦᠷᠦᠭᠡᠳᠦᠯ ᠲᠠᠢ ᠪᠤᠭᠤᠷᠤᠯ ᠤᠨ ᠦᠯᠦᠭᠡᠢ | ᠬᠤᠶᠠᠷ ᠤᠩᠭᠤᠨ ᠤ ᠬᠤᠷᠮᠤᠢ ᠪᠠᠭᠤᠴᠠ ᠰᠡᠷᠭᠦᠯᠡᠩᠬᠡᠨ | ᠰᠢᠨᠡᠬᠡᠨ ᠴᠠᠰᠤ ᠬᠦᠷᠦᠰᠦ ᠰᠢᠷᠤᠢ ᠶᠢ ᠨᠦᠮᠦᠷᠦᠩᠬᠡᠨ | ᠰᠢᠵᠢᠷᠳᠡᠨ ᠮᠦᠩᠭᠦᠷᠡᠬᠦ ᠦᠩ ᠡᠪᠦᠯ ᠤᠨ ᠦᠷᠯᠦᠭᠡ᠃ | | |