ᠡᠯᠢᠭᠡᠨ ᠬᠠᠶᠢᠷᠠᠳᠤ ᠦᠪᠤᠷ ᠮᠤᠩᠭᠤᠯ ᠤᠨ ᠲᠤᠷᠭᠠᠨ ᠭᠦᠷᠤᠰᠤᠨᠠ ᠪᠢᠰᠢᠭᠦᠢ ᠤᠯᠠᠨ ᠰᠤᠳᠤᠨ ᠤᠷᠠᠯᠢᠭ | ᠮᠡᠨᠳᠤᠯᠡᠨ ᠭᠦᠭᠵᠢᠵᠤ᠂ ᠲᠦᠮᠡᠨ ᠭᠦᠮᠤᠨ ᠤ ᠬᠠᠷᠠᠭ᠎ᠠ ᠰᠤᠨᠤᠷ ᠢ ᠮᠢᠯᠢᠶᠠᠨ᠂ ᠰᠤᠶᠤᠯ ᠤᠨ ᠠᠮᠢᠳᠤᠷᠠᠯ ᠢ ᠨᠢ ᠴᠠᠭ | ᠦᠷᠭᠦᠯᠵᠢ ᠪᠠᠶᠠᠯᠢᠭᠵᠢᠭᠤᠯᠤᠭᠰᠠᠭᠠᠷ ᠢᠷᠡᠭᠰᠡᠨ ᠶᠤᠮᠰᠠᠨ᠃ ᠡᠳᠡᠭᠡᠷ ᠤᠯᠠᠨ ᠤᠷᠠᠯᠢᠭ ᠤᠨ ᠲᠤᠳᠤᠷ᠎ᠠ ᠠᠴᠠ 1957 | ᠤᠨ ᠳᠤ ᠡᠰᠡᠨᠢᠨ ᠮᠡᠨᠳᠤᠯᠡᠭᠰᠡᠨ ᠤᠯᠠᠭᠠᠨᠮᠦ᠋ᠴᠢᠷ ᠬᠠᠮᠤᠭ ᠠᠴᠠ ᠪᠠᠭ᠋ᠠᠷᠤᠮ᠎ᠠ ᠮᠦᠷᠳᠡᠭᠡᠨ ᠭᠦᠭᠵᠢᠯ ᠪᠠᠳᠠᠷᠠᠯ ᠲᠠᠢ | ᠵᠠᠮᠨᠠᠭᠰᠠᠭᠠᠷ ᠪᠠᠶᠢᠨᠠᠮ᠃ ᠤᠯᠠᠭᠠᠨᠮᠦ᠋ᠴᠢᠷ ᠪᠤᠯ ᠲᠡᠨᠢᠭᠡᠷ ᠠᠭᠤᠳᠠᠮ ᠦᠪᠤᠷ ᠮᠤᠩᠭᠤᠯ ᠤᠷᠤᠨ ᠳᠤ ᠤᠳᠬ᠎ᠠ | ᠤᠷᠠᠯᠢᠭ ᠤᠨ ᠲᠠᠯ᠎ᠠ ᠪᠠᠷ ᠠᠤᠭ᠎ᠠ ᠵᠢᠳᠭᠦᠯ ᠦᠵᠡᠭᠦᠯᠤᠭ᠍ᠰᠡᠨ ᠰᠤᠶᠤᠯ ᠤᠨ ᠨᠢᠭᠡ ᠬᠡᠯᠪᠡᠷᠢ ᠪᠤᠯᠬᠤ ᠶᠤᠮ᠃ | ᠤᠯᠠᠭᠠᠨᠮᠦ᠋ᠴᠢᠷ ᠊᠊᠊᠊᠊᠊᠊ ᠲᠠᠯ᠎ᠠ ᠨᠤᠳᠤᠭ ᠤᠨ ᠰᠤᠶᠤᠯ ᠤᠨ ᠰᠤᠷᠭᠤᠭ ᠪᠦᠳᠤᠭᠡᠯ ᠢ ᠤᠯᠠᠨ ᠳᠤ ᠲᠠᠨᠢᠭᠤᠯᠬᠤ | ᠤᠨᠴᠠᠭᠠᠢ ᠲᠠᠪᠴᠠᠩ︔ | ᠤᠯᠠᠭᠠᠨᠮᠦ᠋ᠴᠢᠷ ᠊᠊᠊᠊᠊᠊᠊ ᠲᠠᠯ᠎ᠠ ᠨᠤᠳᠤᠭ ᠤᠨ ᠰᠤᠶᠤᠯ ᠤᠨ ᠰᠢᠨ᠎ᠡ ᠲᠦᠷᠢ ᠲᠦᠷᠭᠦ ᠶᠢ ᠨᠡᠶᠢᠭᠡᠮ ᠳᠤ | ᠢᠯᠡᠷᠡᠭᠦᠯᠭᠦ ᠤᠨᠴᠠᠭᠠᠢ ᠲᠠᠪᠴᠠᠩ︔ | ᠤᠯᠠᠭᠠᠨᠮᠦ᠋ᠴᠢᠷ ᠊᠊᠊᠊᠊᠊᠊ ᠲᠠᠯ᠎ᠠ ᠨᠤᠳᠤᠭ ᠤᠨ ᠰᠢᠨ᠎ᠡ ᠲᠡᠤᠭᠡᠨ ᠴᠠᠭ ᠦᠶ᠎ᠡ ᠶᠢᠨ ᠰᠤᠶᠤᠯ ᠢ ᠪᠠᠳᠠᠷᠠᠭᠤᠯᠬᠤ | ᠤᠨᠴᠠᠭᠠᠢ ᠲᠠᠪᠴᠠᠩ᠃ | ᠬᠠᠳᠠᠭᠤ ᠪᠡᠷᠭᠡᠰᠢᠶᠡᠯᠳᠤ ᠵᠢᠷᠠᠨ ᠵᠢᠯ ᠤᠨ ᠲᠡᠤᠭᠡᠨ ᠴᠠᠭ ᠦᠶ᠎ᠡ ᠶᠢ ᠲᠤᠭᠤᠯᠵᠤ ᠢᠷᠡᠭᠰᠡᠨ ᠦᠪᠤᠷ | ᠮᠤᠩᠭᠤᠯ ᠤᠨ ᠤᠯᠠᠭᠠᠨᠮᠦ᠋ᠴᠢᠷ᠂ ᠤᠯᠠᠨ ᠲᠦᠮᠡᠨ ᠤ ᠰᠡᠳᠬᠢᠯ ᠤᠨ ᠦᠨᠳᠦᠷᠯᠢᠭ ᠲᠤ ᠲᠤᠭ ᠪᠤᠯᠤᠨ ᠨᠠᠮᠢᠷᠠᠵᠤ᠂ | ᠬᠠᠳᠠᠭ ᠪᠤᠯᠤᠨ ᠨᠠᠨᠳᠢᠩᠨᠠᠭᠳᠠᠨᠠ᠃ | ᠲᠦᠷᠤᠭᠡ ᠵᠢᠭᠢᠭᠰᠡᠨ ᠵᠢᠷᠠᠨ ᠵᠢᠯ ᠤᠨ ᠲᠡᠤᠭᠡᠨ ᠴᠠᠭ ᠦᠶ᠎ᠡ ᠶᠢ ᠲᠠᠪᠠᠵᠤ ᠲᠤᠭᠤᠯᠤᠭᠰᠠᠨ ᠦᠪᠤᠷ | ᠮᠤᠩᠭᠤᠯ ᠤᠨ ᠤᠯᠠᠭᠠᠨᠮᠦ᠋ᠴᠢᠷ᠂ ᠤᠯᠠᠨ ᠲᠦᠮᠡᠨ ᠤ ᠮᠢᠩᠭᠠᠨ ᠰᠤᠨᠤᠷ ᠲᠤ ᠲᠠᠭᠤᠤ ᠪᠤᠯᠤᠨ ᠬᠠᠩᠬᠢᠨᠠᠵᠤ᠂ ᠦᠯᠢᠭᠡᠷ | ᠪᠤᠯᠤᠨ ᠶᠠᠷᠢᠭᠳᠠᠨ᠎ᠠ᠃ | 2017 ᠤᠨ ᠳᠤ ᠦᠪᠤᠷ ᠮᠤᠩᠭᠤᠯ ᠤᠨ ᠲᠠᠯ᠎ᠠ ᠨᠤᠳᠤᠭ ᠲᠤ ᠬᠢᠯᠠᠷᠠᠭᠤᠯᠵᠤ ᠶᠠᠪᠤᠭᠰᠠᠨ ᠰᠦᠨᠢᠳ | ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ 16 ᠲᠤᠭᠯᠠᠭᠴᠢ ᠠᠴᠠ ᠶᠡᠷᠤᠩᠬᠡᠢ ᠱᠦᠵᠢ ᠰᠢ ᠶᠢᠨ ᠫᠢᠩ ᠳᠤ | ᠬᠠᠯᠠᠭᠤᠨ ᠵᠠᠬᠢᠳᠠᠯ ᠪᠢᠴᠢᠵᠤ᠂ ᠤᠯᠠᠭᠠᠨᠮᠦ᠋ᠴᠢᠷ ᠤᠨ 60 ᠵᠢᠯ ᠤᠨ ᠲᠤᠷᠰᠢᠬᠢ ᠭᠦᠭᠵᠢᠯᠳᠡ ᠬᠤᠪᠢᠷᠠᠯᠳᠠ ᠶᠢᠨ | ᠪᠠᠶᠢᠳᠠᠯ ᠢᠶᠠᠨ ᠬᠠᠷᠢᠭᠤ ᠮᠡᠳᠡᠭᠦᠯᠤᠭ᠍ᠰᠡᠨ ᠶᠤᠮ᠃ ᠲᠦᠷᠤ ᠶᠢᠨ ᠶᠠᠪᠤᠳᠠᠯ ᠲᠦᠮᠡᠨ ᠶᠠᠭᠠᠷᠠᠤ ᠪᠠᠶᠢᠭᠰᠠᠨ ᠴᠤ ᠶᠡᠷᠤᠩᠬᠡᠢ | ᠱᠦᠵᠢ ᠬᠠᠷᠢᠭᠤ ᠵᠠᠬᠢᠳᠠᠯ ᠢᠯᠡᠭᠡᠵᠤ ᠲᠡᠳᠡᠨᠡᠷ ᠢ ᠦᠷᠭᠦᠯᠵᠢᠯᠡᠨ ᠦᠨᠳᠤᠰᠤᠨ ᠱᠠᠳᠤᠨ ᠳᠤ ᠭᠦᠨ ᠦᠨᠳᠤᠰᠤ | ᠬᠠᠳᠬᠤᠵᠤ᠂ ᠤᠯᠠᠨ ᠲᠦᠮᠡᠨ ᠳᠤ ᠦᠢᠯᠡᠴᠢᠯᠡᠨ᠂ ᠤᠯᠠᠨ ᠲᠦᠮᠡᠨ ᠲᠠᠢ ᠦᠢᠷᠠᠳᠤᠵᠤ᠂ ᠤᠯᠠᠨ ᠲᠦᠮᠡᠨ ᠤ ᠲᠤᠮᠳᠠ | ᠲᠡᠯᠭᠡᠷᠡᠨ᠂ ᠤᠯᠠᠨ ᠲᠦᠮᠡᠨ ᠤ ᠤᠶᠤᠨ ᠴᠡᠭᠡᠵᠢᠨ ᠳᠤ ᠮᠦᠩᠭᠡᠷᠡᠭᠦ ᠨᠡᠩ ᠤᠯᠠᠨ ᠰᠢᠯᠢᠳᠡᠭ ᠪᠦᠳᠤᠭᠡᠯ ᠢ ᠵᠤᠬᠢᠶᠠᠨ | ᠪᠦᠳᠤᠭᠡᠭᠦ ᠪᠠᠷ ᠴᠢᠷᠮᠠᠶᠢᠭᠠᠷᠠᠢ ᠬᠡᠵᠤ ᠵᠤᠷᠢᠭᠵᠢᠭᠤᠯᠪᠠ᠃ | ᠶᠡᠷᠤᠩᠬᠡᠢ ᠱᠦᠵᠢ ᠰᠢ ᠶᠢᠨ ᠫᠢᠩ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠬᠡᠰᠢᠭᠦᠳ ᠲᠤ | ᠢᠯᠡᠭᠡᠭᠰᠡᠨ ᠬᠠᠷᠢᠭᠤ ᠵᠠᠬᠢᠳᠠᠯ ᠳᠠᠭᠠᠨ ︽ᠤᠯᠠᠭᠠᠨᠮᠦ᠋ᠴᠢᠷ ᠪᠤᠯ ᠪᠦᠭᠦ ᠤᠯᠤᠰ ᠤᠨ ᠤᠳᠬ᠎ᠠ ᠤᠷᠠᠯᠢᠭ ᠤᠨ | ᠹᠷᠤᠠᠲ ᠤᠨ ᠨᠢᠭᠡᠨ ᠲᠤᠭ ᠮᠦᠨ᠂ ᠤᠤᠭᠠᠨ ᠤᠯᠠᠭᠠᠨᠮᠦ᠋ᠴᠢᠷ ᠲᠠ ᠨᠠᠷ ᠤᠨ ᠲᠦᠷᠤᠭ᠍ᠰᠡᠨ ᠨᠤᠳᠤᠭ ᠲᠤ ᠮᠡᠨᠳᠤᠯᠡᠭᠰᠡᠨ | ᠶᠤᠮ᠃ 60 ᠵᠢᠯ ᠤᠨ ᠲᠤᠷᠰᠢ᠂ ᠤᠯᠠᠭᠠᠨᠮᠦ᠋ᠴᠢᠷ ᠤᠨ ᠦᠶ᠎ᠡ ᠦᠶ᠎ᠡ ᠶᠢᠨ ᠬᠡᠰᠢᠭᠦᠳ ᠰᠡᠯᠬᠢ ᠰᠢᠭᠤᠷᠭᠠᠨ ᠢ | ᠰᠦᠷᠴᠤ᠂ ᠲᠠᠰᠬᠢᠮ᠎ᠠ ᠭᠦᠢᠳᠡᠨ ᠪᠠ ᠠᠭᠠᠬᠢᠮ᠎ᠠ ᠬᠠᠯᠠᠭᠤᠨ ᠠᠭᠤᠷ ᠠᠮᠢᠰᠬᠤᠯ ᠢ ᠬᠠᠶᠢᠬᠤᠷᠤᠯ ᠦᠭᠡᠢ᠂ ᠤᠷᠳᠤ | ᠬᠤᠭᠤᠴᠠᠭ᠎ᠠ ᠪᠠᠷ ᠭᠤᠪᠢ ᠴᠦᠯ᠂ ᠲᠠᠯ᠎ᠠ ᠨᠤᠳᠤᠭ ᠢᠶᠠᠷ ᠲᠤᠭᠤᠷᠢᠨ ᠠᠶᠠᠯᠠᠵᠤ᠂ ᠭᠦᠭᠡ ᠲᠡᠭᠷᠢ ᠪᠠᠷ ᠭᠦᠰᠢᠭᠡ ᠪᠠᠨ | ᠬᠢᠵᠤ᠂ ᠭᠦᠷᠤᠰᠤᠳᠤ ᠲᠡᠯᠡᠬᠡᠢ ᠪᠠᠷ ᠪᠦᠵᠢᠭ ᠤᠨ ᠲᠠᠶᠢᠰᠨ ᠪᠠᠨ ᠪᠤᠯᠭᠠᠵᠤ᠂ ᠦᠷᠭᠡᠨ ᠤᠯᠠᠨ ᠮᠠᠯᠴᠢᠨ | ᠲᠠᠷᠢᠶᠠᠴᠢᠨ ᠳᠤ ᠪᠠᠶᠠᠷ ᠪᠠᠭ᠋ᠠᠳᠤᠯ ᠪᠠ ᠪᠤᠯᠪᠠᠰᠤᠨ ᠢ ᠭᠦᠷᠭᠡᠨ᠂ ᠨᠠᠮ ᠤᠨ ᠲᠠᠭᠤᠨ ᠪᠠ ᠬᠠᠶᠢᠷ᠎ᠠ ᠬᠠᠯᠠᠮᠵᠢ ᠶᠢ | ᠲᠠᠮᠵᠢᠭᠤᠯᠤᠭᠰᠠᠭᠠᠷ ᠢᠷᠡᠪᠡ︾ ᠬᠡᠵᠤ ᠲᠤᠷᠠᠳᠴᠠᠢ᠃ | ᠶᠡᠷᠤᠩᠬᠡᠢ ᠱᠦᠵᠢ ᠶᠢᠨ ᠲᠤᠳᠤᠨᠤ ᠬᠠᠯᠠᠮᠵᠢᠯᠠᠯ ᠵᠤᠷᠢᠭᠵᠢᠭᠤᠯᠤᠯ ᠦᠪᠤᠷ ᠮᠤᠩᠭᠤᠯ ᠤᠨ ᠤᠯᠠᠭᠠᠨᠮᠦ᠋ᠴᠢᠷ ᠤᠨ | ᠲᠤᠮᠳᠠ ᠪᠠᠶᠠᠰᠤᠯ ᠲᠤᠭᠳᠤᠯᠤᠯ᠂ ᠭᠦᠰᠡᠯ ᠵᠤᠷᠢᠯᠳᠠ ᠶᠢ ᠦᠢᠯᠠᠰᠤᠭᠤᠯᠪᠠ᠃ | ᠶᠡᠷᠤᠩᠬᠡᠢ ᠱᠦᠵᠢ ᠶᠢᠨ ᠦᠨᠳᠤᠷ ᠦᠨᠡᠯᠡᠯᠳᠡ ᠦᠪᠤᠷ ᠮᠤᠩᠭᠤᠯ ᠤᠨ ᠤᠯᠠᠭᠠᠨᠮᠦ᠋ᠴᠢᠷ ᠤᠨ ᠤᠷᠤᠭᠰᠢᠯᠠᠨ | ᠲᠠᠪᠰᠢᠬᠤ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠭᠦᠪᠴᠢᠯᠡᠪᠡ᠃ | ᠲᠡᠤᠭᠡᠨ ᠮᠠᠲ᠋ᠧᠷᠢᠶᠠᠯ ᠢ ᠠᠶᠠᠷᠬᠠᠨ ᠰᠡᠭᠦᠵᠤ ᠦᠵᠡᠪᠡᠯ᠂ 1957 ᠤᠨ ᠤ 6 ᠰᠠᠷ᠎ᠠ ᠶᠢᠨ 17 ᠤ ᠡᠳᠤᠷ | ᠦᠪᠤᠷ ᠮᠤᠩᠭᠤᠯ ᠤᠨ ᠠᠩᠬᠠᠳᠠᠭᠴᠢ ᠤᠯᠠᠭᠠᠨᠮᠦ᠋ᠴᠢᠷ ᠴᠡᠯᠡᠭᠡᠷ ᠠᠭᠤᠵᠢᠮ ᠰᠢᠯᠢ ᠶᠢᠨ ᠭᠤᠤᠯ ᠠᠶᠢᠮᠠᠭ ᠤᠨ ᠰᠦᠨᠢᠳ | ᠪᠠᠷᠠᠭᠤᠨ ᠬᠤᠰᠢᠭᠤᠨ ᠳᠤ ᠮᠡᠨᠳᠤᠯᠡᠭᠰᠡᠨ ᠪᠢᠯᠡ᠃ ᠲᠤᠬᠠᠢ ᠶᠢᠨ ᠦᠶ᠎ᠡ ᠳᠤ ᠰᠦᠨᠢᠳ ᠪᠠᠷᠠᠭᠤᠨ ᠬᠤᠰᠢᠭᠤᠨ ᠤ | ᠤᠯᠠᠭᠠᠨᠮᠦ᠋ᠴᠢᠷ ᠲᠤ ᠲᠤᠭᠯᠠᠭᠴᠢ 9᠂ ᠭᠤᠮ ᠭᠦᠷᠳᠤᠳᠤ ᠲᠡᠷᠭᠡ 2᠂ ᠭᠦᠰᠢᠭᠡ 2᠂ ᠮᠠᠶᠢᠬᠠᠨ 2᠂ ᠲᠤᠰᠤᠨ | ᠳ᠋ᠧᠩ 3᠂ ᠵᠠᠰᠠᠯ ᠤᠨ ᠬᠤᠪᠴᠠᠰᠣ 4 ᠵᠠᠬ᠎ᠠ᠂ ᠭᠦᠭᠵᠢᠮ ᠤᠨ ᠪᠠᠭᠠᠵᠢ 5᠂ ᠮᠤᠷᠢ 6᠂ ᠲᠠᠭᠤᠨ | ᠲᠤᠮᠤᠷᠠᠭᠤᠯᠤᠭᠴᠢ ᠲᠦᠭᠦᠭᠡᠷᠤᠮᠵᠢ 1᠂ ᠷᠠᠳᠢᠣ᠋ 1 ᠪᠠᠶᠢᠭᠰᠠᠨ ᠶᠤᠮ᠃ ᠡᠶᠢᠮᠤ ᠯᠠ ᠲᠦᠭᠦᠮᠭᠡᠨ ᠨᠦᠭᠦᠴᠡᠯ᠂ | ᠬᠠᠳᠠᠭᠤ ᠤᠷᠴᠢᠨ ᠳᠤ ᠮᠡᠨᠳᠤᠯᠡᠭᠰᠡᠨ ᠤᠯᠠᠭᠠᠨᠮᠦ᠋ᠴᠢᠷ ᠮᠠᠨᠢ ᠲᠤᠰᠤᠯ ᠤᠰᠤ ᠴᠢᠯᠠᠭᠤ ᠶᠢ ᠴᠤᠭᠤᠯᠬᠤ᠂ ᠨᠢᠯᠬ᠎ᠠ | ᠰᠦᠶᠤᠭᠡ ᠭᠦᠷᠤᠰᠤ ᠶᠢ ᠨᠡᠪᠳᠡᠯᠭᠦ ᠬᠠᠳᠠᠨ ᠵᠤᠷᠢᠭ ᠢᠶᠠᠷ ᠭᠦᠴᠢᠷ ᠪᠡᠷᠭᠡ ᠶᠢ ᠨᠢᠭᠡᠳ ᠨᠢᠭᠡ ᠪᠠᠷ ᠲᠠᠪᠠᠨ | ᠲᠤᠭᠤᠯᠤᠭᠰᠠᠭᠠᠷ ᠪᠠᠶᠢᠵᠤ᠂ ᠦᠨᠤᠳᠤᠷ ᠤᠨ ᠲᠤᠮᠤ ᠭᠦᠭᠵᠢᠯᠳᠠ ᠴᠡᠴᠡᠭᠯᠡᠯᠳᠡ ᠶᠢ ᠤᠭᠳᠤᠨ ᠠᠪᠴᠢᠷᠠᠭᠰᠠᠨ | ᠪᠠᠶᠢᠨ᠎ᠠ᠃ | ᠲᠠᠯ᠎ᠠ ᠨᠤᠳᠤᠭ ᠤᠨ ᠬᠠᠯᠠᠭᠤᠨ ᠡᠯᠢᠭᠡᠨ ᠳᠤ ᠮᠡᠨᠳᠤᠯᠡᠭᠰᠡᠨ ᠤᠯᠠᠭᠠᠨᠮᠦ᠋ᠴᠢᠷ ᠲᠦᠯᠵᠢᠨ ᠤᠷᠭᠤᠬᠤ ᠪᠤᠭᠤᠷᠤᠯ | ᠬᠠᠶᠢᠯᠠᠰᠤ ᠰᠢᠭ᠋ ᠰᠠᠯᠬᠢ ᠪᠤᠷᠤᠭᠠᠨ ᠢ ᠠᠵᠢᠭ ᠦᠭᠡᠢ ᠦᠩᠭᠡᠷᠡᠭᠦᠯᠤᠨ ᠡᠭᠡ ᠭᠠᠵᠠᠷ ᠰᠢᠭᠦᠷᠤᠮᠡ ᠰᠠᠯᠠᠭ᠎ᠠ | ᠨᠠᠮᠠᠭ᠎ᠠ ᠲᠠᠢ ᠪᠤᠯᠵᠤ᠂ ᠭᠦᠮᠤᠨ ᠵᠤᠨ ᠤ ᠪᠤᠳᠤᠯ ᠰᠡᠳᠬᠢᠯ ᠳᠤ ᠰᠡᠷᠢᠭᠦᠤ ᠲᠠᠳᠠᠭᠤᠯᠤᠨ ᠷᠤᠮᠠᠨᠲ᠋ᠢᠭ ᠰᠡᠭᠦ᠋ᠢᠭᠰᠡᠭᠡᠷ᠃ | ᠲᠠᠯ᠎ᠠ ᠨᠤᠳᠤᠭ ᠤᠨ ᠲᠤᠯᠠᠭᠠᠨ ᠦᠷᠤᠴᠡᠨ ᠳᠤ ᠮᠡᠨᠳᠤᠯᠡᠭᠰᠡᠨ ᠤᠯᠠᠭᠠᠨᠮᠦ᠋ᠴᠢᠷ ᠭᠦᠭᠡᠷᠤᠨ ᠰᠦᠨᠳᠡᠷᠯᠡᠭᠦ | ᠲᠡᠭᠡ ᠶᠢᠨ ᠬᠠᠨ ᠮᠡᠳᠤ ᠵᠤᠳ ᠰᠢᠭᠤᠷᠭ᠎ᠠ ᠶᠢ ᠡᠮᠢᠶᠡᠯ ᠦᠭᠡᠢ ᠲᠤᠭᠤᠯᠤᠨ ᠴᠡᠯ ᠨᠤᠭᠤᠭᠠᠷᠠᠵᠤ᠂ ᠦᠵᠡᠵᠤ | ᠬᠠᠷᠠᠭᠰᠠᠨ ᠭᠦᠮᠤᠨ ᠪᠦᠭᠦᠨ ᠤ ᠪᠢᠰᠢᠷᠡᠯ ᠲᠠᠭᠠᠳᠬᠠᠯ ᠢ ᠭᠦᠷᠳᠡᠭᠰᠡᠭᠡᠷ᠃ | ︽ᠨᠢᠭᠡ ᠵᠠᠮ ᠨᠢᠭᠡ ᠪᠦᠰᠡ︾ ᠶᠢ ᠲᠡᠯᠡᠬᠡᠢ ᠳ᠋ᠠᠬᠢᠨ ᠳᠤ ᠮᠡᠳᠡᠷᠡᠭᠦᠯᠭᠦ ᠰᠤᠷᠳᠠᠯ ᠤᠬᠠᠭᠤᠯᠭ᠎ᠠ ᠳᠤ | ᠤᠯᠠᠭᠠᠨᠮᠦ᠋ᠴᠢᠷ ᠭᠠᠪᠰᠢᠭᠠᠶᠢᠯᠠᠨ᠎ᠠ︔ ︽ᠤᠨᠤᠪᠴᠢᠳᠠᠢ ᠪᠠᠷ ᠶᠠᠳᠠᠭᠤ ᠶᠢ ᠲᠡᠳᠭᠦᠭᠦ ᠪᠠᠬᠢᠯᠡᠯᠳᠡ ᠰᠢᠪᠳᠤᠯᠬᠤ | ᠲᠠᠶᠢᠯᠠᠯᠳᠤᠭᠠᠨ︾ ᠳᠤ ᠤᠯᠠᠭᠠᠨᠮᠦ᠋ᠴᠢᠷ ᠨᠢᠭᠡᠨ ᠮᠦᠷᠤ ᠶᠢᠨ ᠭᠦᠴᠤᠨ ᠨᠡᠮᠡᠷᠢᠯᠡᠨ᠎ᠡ︔ ᠪᠤᠯᠪᠠᠰᠤᠨ ᠰᠤᠷᠳᠠᠯ᠂ | ᠴᠢᠨᠡᠭᠡᠯᠢᠭ ᠠᠮᠢᠳᠤᠷᠠᠯ ᠢ ᠴᠤᠭᠴᠠᠯᠠᠬᠤ ᠤᠷᠳᠤ ᠠᠶᠠᠨ ᠳᠤ ᠤᠯᠠᠭᠠᠨᠮᠦ᠋ᠴᠢᠷ ᠤᠬᠠᠭᠤᠯᠭ᠎ᠠ ᠶᠢᠨ ᠲᠤᠭᠴᠢ ᠪᠤᠯᠤᠨ᠎ᠠ᠃ | | ᠤᠷᠭᠤᠵᠤ ᠪᠠᠶᠢᠭ᠎ᠠ ᠨᠠᠷᠠᠨ ᠤᠯᠠᠭᠠᠨᠮᠦ᠋ᠴᠢᠷ | ᠤᠯᠤᠰ ᠤᠷᠤᠨ ᠤ ᠤᠬᠠᠭᠤᠯᠤᠭᠴᠢ ᠤᠯᠠᠭᠠᠨᠮᠦ᠋ᠴᠢᠷ | ᠤᠯᠠᠯᠵᠠᠬᠤ ᠭᠠᠯ ᠤᠨ ᠴᠤᠭ ᠤᠯᠠᠭᠠᠨᠮᠦ᠋ᠴᠢᠷ | ᠤᠳᠤᠮᠪᠠᠷᠠ ᠴᠡᠴᠡᠭ ᠤᠨ ᠬᠡᠯᠳᠡᠰ ᠤᠯᠠᠭᠠᠨᠮᠦ᠋ᠴᠢᠷ | ᠤᠶᠠᠩᠭ᠎ᠠ ᠲᠠᠭᠤᠤ ᠶᠢᠨ ᠴᠤᠤᠷᠢᠶ᠎ᠠ ᠤᠯᠠᠭᠠᠨᠮᠦ᠋ᠴᠢᠷ | ᠤᠷᠠᠯᠢᠭ ᠪᠦᠳᠤᠭᠡᠯ ᠤᠨ ᠤᠬᠢ ᠤᠯᠠᠭᠠᠨᠮᠦ᠋ᠴᠢᠷ︕ | | |