︽ᠭᠡᠷ ᠤᠨ ᠰᠤᠷᠭᠠᠯ ᠢ ᠡᠷᠬᠢᠮᠯᠡᠬᠦᠢ︾ ᠬᠡᠮᠡᠬᠦ ᠲᠧᠯᠸᠢᠰ ᠵᠦᠴᠦᠭᠡ ᠶᠢᠨ ᠨᠢᠭᠡᠳᠦᠭᠡᠷ ᠠᠩᠬᠢ ︽ᠭᠡᠷ ᠲᠡᠭᠡᠨ ᠬᠠᠷᠢᠬᠤᠢ︾ ᠶᠢ ᠨᠡᠪᠲᠡᠷᠡᠬᠦᠯᠦᠯ᠎ᠡ
ᠨᠡᠶᠢᠲᠡᠯᠡᠭᠰᠡᠨ ᠴᠠᠭ᠄
2019-10-25
     ᠰᠢᠨᠬᠤᠸᠠ ᠬᠤᠷᠢᠶᠠᠨ ᠤ ᠪᠡᠭᠡᠵᠢᠩ ᠤᠨ 2 ᠰᠠᠷ᠎ᠠ ᠶᠢᠨ 19 ᠤ ᠡᠳᠤᠷ ᠤᠨ ᠮᠡᠳᠡᠭᠡ ︵ᠰᠤᠷᠪᠤᠯᠵᠢᠯᠠᠭᠴᠢ ᠪᠠᠢ ᠶᠢᠩ︶ ᠲᠦᠪ ᠬᠤᠷᠢᠶᠠᠨ ᠤ ᠤᠬᠠᠭᠤᠯᠬᠤ ᠭᠡᠯᠳᠡᠰ ᠤᠨ ᠤᠬᠠᠭᠤᠯᠭ᠎ᠠ ᠰᠤᠷᠭᠠᠨ ᠬᠦᠮᠦᠵᠢᠯ ᠤᠨ ᠲᠤᠪᠴᠢᠶ᠎ᠠ ᠠᠴᠠ ᠲᠦᠪ ᠤᠨ ᠷᠠᠳᠢᠤ᠋ ᠲᠧᠯᠸᠢᠰ ᠤᠨ ᠶᠡᠷᠦᠩᠭᠡᠢ ᠬᠤᠷᠢᠶ᠎ᠠ ᠶᠢᠨ ᠲᠦᠪ ᠲᠧᠯᠸᠢᠰ ᠤᠨ ᠨᠡᠶᠢᠭᠡᠮ ᠬᠢᠭᠡᠳ ᠬᠠᠤᠯᠢ ᠰᠤᠪᠠᠭ  ᠲᠠᠢ ᠬᠠᠮᠳᠤᠷᠠᠨ ᠰᠡᠬᠦᠳᠡᠷᠯᠡᠭᠰᠡᠨ ︽ᠭᠡᠷ ᠤᠨ ᠰᠤᠷᠭᠠᠯ ᠢ ᠡᠷᠬᠢᠮᠯᠡᠬᠦᠢ︾ ᠬᠡᠮᠡᠬᠦ ᠭᠡᠷ ᠤᠨ ᠰᠤᠷᠳᠠᠯ ᠤᠨ ᠰᠡᠳᠦᠪᠳᠤ ᠲᠧᠯᠸᠢᠰ ᠰᠢᠷᠢᠰ ᠵᠦᠴᠦᠭᠡ ᠶᠢᠨ ᠨᠢᠭᠡᠳᠦᠭᠡᠷ ᠠᠩᠬᠢ ︽ᠭᠡᠷ ᠲᠡᠭᠡᠨ ᠬᠠᠷᠢᠬᠤᠢ︾ ᠶᠢ 18 ᠤ ᠡᠳᠤᠷ ᠠᠴᠠ 19 ᠤ ᠡᠳᠤᠷ ᠤᠨ ᠦᠳᠡᠰᠢ ᠶᠢᠨ ᠴᠢᠯᠦᠭᠡᠨ ᠳᠤ ᠲᠦᠪ ᠲᠧᠯᠸᠢᠰ ᠤᠨ ᠶᠡᠷᠦᠩᠭᠡᠢ ᠰᠤᠪᠠᠭ ᠢᠶᠠᠷ ᠠᠩᠬ᠎ᠠ ᠨᠡᠪᠲᠡᠷᠡᠬᠦᠯᠦᠯ᠎ᠡ᠃      ᠰᠡᠬᠦᠳᠡᠷᠯᠡᠨ ᠦᠢᠯᠡᠳᠦᠭᠴᠢ ᠶᠢᠨ ᠲᠠᠨᠢᠯᠴᠠᠭᠤᠯᠤᠭᠰᠠᠨ ᠢᠶᠠᠷ᠂ ︽ᠭᠡᠷ ᠲᠡᠭᠡᠨ ᠬᠠᠷᠢᠬᠤᠢ︾ ᠶᠢ ᠦᠨᠡᠨ ᠬᠡᠷᠡᠭ  ᠠᠴᠠ ᠰᠡᠳᠦᠪᠯᠡᠨ ᠨᠠᠶᠢᠷᠠᠭᠤᠯᠵᠠᠢ᠂ ᠲᠤᠰ ᠵᠦᠴᠦᠭᠡ ᠳᠤ ᠭᠤᠷᠪᠠᠨ ᠭᠡᠷ ᠪᠦᠯᠢ᠂ ᠬᠤᠶᠠᠷ ᠦᠶ᠎ᠡ ᠶᠢᠨ ᠬᠦᠮᠦᠰ ᠤᠨ ᠴᠠᠭ ᠦᠶ᠎ᠡ ᠶᠢᠨ ᠶᠡᠭᠡ ᠬᠤᠪᠢᠰᠦᠯ ᠲᠤᠮᠳᠠ᠂ ᠠᠮᠢᠳᠤᠷᠠᠯ ᠤᠨ ᠤᠷᠴᠢᠨ ᠪᠠ ᠦᠵᠡᠯ ᠰᠠᠨᠠᠭ᠎ᠠ ᠦᠵᠡᠯᠲᠡ ᠲᠠᠨᠢᠯᠲᠠ  ᠶᠢᠨ ᠡᠷᠭᠡᠨ ᠳᠤ ᠡᠯᠳᠡᠪ ᠵᠦᠢᠯ ᠤᠨ ᠵᠦᠷᠢᠴᠡᠯ ᠮᠦᠷᠬᠦᠯᠳᠦᠭᠡᠨ᠂ ᠬᠠᠭᠠᠴᠠᠯ ᠭᠠᠳᠠᠭᠤᠷᠴᠢᠯᠠᠯ ᠳᠤ ᠲᠤᠯᠭᠠᠷᠠᠭᠰᠠᠨ ᠴᠦ ᠮᠦᠨ ᠬᠦ ᠭᠡᠷ ᠪᠦᠯᠢ ᠪᠠᠨ ᠬᠠᠮᠳᠤ ᠪᠠᠷ ᠰᠠᠨᠠᠭᠠᠯᠵᠠᠨ᠂ ᠴᠢᠰᠦᠨ ᠲᠦᠷᠦᠯ ᠤᠶᠢᠢᠷ᠎ᠠ ᠰᠠᠳᠤᠨ ᠢᠶᠠᠨ ᠬᠦᠨ ᠠᠴᠠ ᠬᠦᠨ ᠲᠤᠷᠠᠰᠤᠨ ᠮᠦᠷᠦᠭᠡᠳᠴᠦ᠂ ᠤᠶᠤᠨ ᠰᠠᠨᠠᠭᠠᠨ ᠤ ᠭᠡᠷ ᠤᠷᠤᠨ ᠢᠶᠠᠨ ᠬᠠᠮᠳᠤ ᠪᠠᠷ ᠬᠠᠮᠠᠭᠠᠯᠠᠨ᠂ ᠰᠠᠶᠢᠨ ᠰᠠᠶᠢᠬᠠᠨ ᠠᠮᠢᠳᠤᠷᠠᠯ ᠢ ᠬᠦᠭᠡᠭᠡᠴᠡᠯᠳᠦᠬᠦ ᠬᠠᠳᠠᠭᠤ ᠲᠡᠮᠡᠴᠡᠯ ᠲᠤᠮᠳᠠ᠂ ᠢᠯᠠᠩᠭᠤᠶ᠎ᠠ ᠭᠡᠷ ᠲᠡᠭᠡᠨ ᠬᠠᠷᠢᠵᠤ ᠰᠢᠨᠡᠯᠡᠬᠦ ᠵᠠᠮ ᠵᠠᠭᠤᠷ᠎ᠠ ᠪᠠᠨ ᠬᠦᠴᠢᠷ ᠪᠡᠷᠭᠡ ᠶᠢ ᠲᠤᠭᠤᠯᠤᠨ ᠬᠠᠷᠢᠯᠴᠠᠨ ᠲᠤᠰᠠᠯᠠᠯᠴᠠᠵᠤ᠂ ᠠᠰᠢᠭ ᠲᠤᠰᠠ ᠶᠢᠨ ᠦᠳᠦᠭᠡᠯᠲᠡ ᠶᠢ ᠲᠡᠪᠴᠢᠭᠰᠡᠨ ᠤ ᠡᠴᠦᠰ ᠲᠤ ᠦᠨᠡᠨ ᠰᠡᠳᠬᠢᠯ ᠢᠶᠠᠷ ᠪᠦᠯᠬᠦᠮᠳᠡᠭᠰᠡᠨ ᠦᠯᠢᠭᠡᠷ ᠢ ᠪᠢᠴᠢᠭᠯᠡᠵᠤ᠂ ᠰᠢᠨ᠎ᠡ ᠴᠠᠭ ᠦᠶ᠎ᠡ ᠶᠢᠨ ᠬᠦᠮᠦᠰ ᠤᠨ ︽ᠶᠤᠰᠤ ᠵᠢᠷᠤᠮ ᠢ ᠡᠷᠬᠢᠮᠯᠡᠬᠦ︾ ᠬᠠᠷᠢᠭᠤᠴᠠᠯᠭᠠᠳᠤ ᠰᠡᠳᠬᠢᠯᠭᠡ ᠪᠠ ᠰᠠᠶᠢᠨ ᠰᠠᠶᠢᠬᠠᠨ ᠭᠡᠷ ᠤᠨ ᠰᠤᠷᠳᠠᠯ ᠢ ᠬᠠᠷᠠᠭᠤᠯᠵᠤ᠂ ᠲᠤᠮᠳᠠᠳᠤ ᠶᠢᠨ ᠭᠡᠷ ᠪᠦᠯᠢ ᠶᠢᠨ ᠤᠯᠠᠮᠵᠢᠯᠠᠯᠳᠤ ᠰᠠᠶᠢᠬᠠᠨ ᠰᠤᠷᠳᠠᠯ ᠤᠨ ᠴᠢᠬᠤᠯᠠ ᠴᠢᠨᠠᠷ ᠪᠠ ᠠᠮᠢᠵᠢᠷᠠᠯ ᠤᠨ ᠬᠦᠴᠦᠨ ᠢ ᠲᠠᠶᠢᠯᠪᠤᠷᠢᠯᠠᠵᠠᠢ᠃
 
ᠢᠷᠡᠯᠲᠡ᠄ ᠠᠷᠠᠳ ᠤᠨ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号