ᠨᠠᠮ ᠵᠢᠮ ᠰᠢᠪᠡᠷᠡᠬᠦ ᠪᠣᠷᠣᠭᠠᠨ ᠳᠤ ᠡᠵᠢ ᠪᠠᠨ ᠬᠦᠯᠢᠶᠡᠯ᠎ᠡ | ᠨᠠᠭᠠᠰᠢ ᠢᠷᠡᠬᠦ ᠪᠠᠷ᠎ᠠ ᠨᠢ ᠬᠠᠷᠠᠬᠳᠠᠭᠠ ᠦᠭᠡᠢ | ᠬᠠᠷᠢᠨ ᠶᠠᠪᠣᠵᠦ ᠣᠳᠣᠬᠰᠠᠨ ᠮᠦᠷ ᠲᠡᠭᠡᠷ᠎ᠡ ᠨᠢ | ᠬᠠᠪᠣᠷ ᠤᠨ ᠡᠪᠡᠰᠦ ᠴᠣᠬᠤᠶᠢᠢᠬᠰᠠᠨ ᠪᠠᠶᠢᠵᠠᠢ | ᠡᠵᠢ ᠶᠢᠨ ᠰᠦ ᠶᠢᠨ ᠭᠠᠶᠢᠬᠠᠮᠰᠢᠬ ᠢ ᠦᠭᠡᠶᠢᠯᠡᠨ ᠰᠠᠨᠠᠬᠤ ᠳᠤ | ᠡᠪᠡᠰᠦ ᠰᠢᠭ ᠬᠦᠭᠡᠷᠦᠬᠦᠢ ᠪᠢ | ᠠᠩᠭᠢᠯᠣᠮ᠎ᠠ ᠴᠡᠴᠡᠭᠡᠰ ᠤᠨ ᠲᠣᠮᠳᠠ ᠡᠵᠢ ᠪᠠᠨ ᠡᠷᠢᠯ᠎ᠡ | ᠠᠷᠭᠠᠯ ᠲᠡᠭᠦᠳᠡᠭ ᠡᠵᠢ ᠮᠢᠨᠢ ᠬᠠᠷᠠᠬᠳᠠᠬᠤ ᠦᠭᠡᠢ | ᠵᠦᠡᠭᠳᠡᠭᠡᠨ ᠠᠯᠴᠢᠭᠤᠷ ᠤᠨ ᠦᠡᠭᠭᠡᠳᠡᠢ ᠡᠷᠪᠡᠬᠡᠢ ᠨᠦᠭᠦᠳ | ᠵᠣᠯ ᠵᠢᠷᠭᠠᠯ ᠳᠤ ᠰᠣᠬᠳᠣᠭᠤᠷᠠᠵᠦ ᠰᠠᠭᠤᠨ᠎ᠠ | ᠡᠵᠢ ᠶᠢᠨ ᠮᠢᠨᠢ ᠬᠦᠯᠦᠰᠦ ᠦᠨᠦᠷᠳᠦᠭᠳᠡᠬᠦ ᠪᠠᠷ | ᠡᠷᠪᠡᠬᠡᠢ ᠰᠢᠭ ᠬᠦᠭᠡᠷᠦᠬᠦᠢ ᠪᠢ | ᠭᠠᠵᠠᠷ ᠰᠠᠢ ᠦᠭᠡᠢ ᠪᠣᠯᠪᠠᠰᠣᠷᠠᠬᠰᠠᠨ ᠵᠢᠮᠢᠰ ᠤᠨ ᠲᠣᠮᠳᠠ | ᠭᠠᠭᠴᠠᠬᠠᠨ ᠡᠵᠢ ᠮᠢᠨᠢ ᠬᠠᠷᠠᠬᠳᠠᠬᠤ ᠦᠭᠡᠢ | ᠴᠡᠴᠡᠭ ᠰᠢᠭ ᠲᠦᠷᠢ ᠨᠢ ᠦᠯᠡᠳᠡᠵᠦ ᠬᠤᠴᠣᠷᠣᠬᠰᠠᠨ | ᠴᠡᠩᠬᠡᠷ ᠰᠢᠭᠦᠳᠡᠷᠢ ᠲᠠᠢ ᠨᠠᠮᠣᠷ ᠯᠡ ᠣᠶᠢᠢᠳᠣᠩᠭᠤᠢ | ᠡᠵᠢ ᠠᠳᠠᠯᠢ ᠪᠣᠭᠤᠷᠣᠯ ᠨᠠᠮᠣᠷ ᠦᠳᠡᠯᠬᠦ ᠪᠠᠷ | ᠦᠨᠦᠴᠢᠨ ᠨᠠᠪᠴᠢ ᠰᠢᠬ ᠬᠦᠭᠡᠷᠦᠬᠦᠢ ᠪᠢ | ᠪᠠᠶᠢᠨ ᠪᠠᠶᠢᠨ ᠴᠠᠰᠣ ᠬᠠᠶᠠᠯᠠᠬᠤ ᠪᠠᠷ ᠡᠵᠢ ᠮᠢᠨᠢ ᠪᠠᠶᠢᠬᠤ ᠦᠭᠡᠢ | ᠪᠡᠬᠡᠷᠡᠭᠰᠡᠨ ᠪᠡᠶ᠎ᠡ ᠪᠠᠨ ᠨᠢᠭᠤᠬᠤ ᠭᠠᠵᠠᠷ ᠣᠯᠳᠠᠳᠠᠬ ᠦᠭᠡᠢ | ᠬᠤᠷᠠᠭᠠᠨ ᠲᠡᠪᠡᠯ ᠠᠴᠠ ᠲᠣᠯᠠᠭᠠᠬᠠᠨ ᠡᠵᠢ ᠭᠡᠳᠡᠭ ᠶᠢᠷᠳᠢᠨᠴᠦ | ᠬᠤᠷᠸ᠎ᠠ ᠳᠤ ᠲᠠᠬᠢᠵᠦ ᠣᠯᠳᠠᠬᠤ ᠦᠭᠡᠢ ᠨᠢ ᠶᠠᠭᠤᠨ ᠪᠣᠢ | ᠬᠠᠳᠣᠨ ᠡᠵᠢ ᠦᠭᠡᠢ ᠡᠨᠡᠬᠡᠨ ᠨᠠᠰᠣᠨ ᠳᠤ | ᠬᠠᠶᠢᠷ᠎ᠠ ᠲᠣᠳᠠᠵᠦ ᠬᠦᠭᠡᠷᠦᠬᠦᠢ ᠪᠢ | ᠭᠡᠪᠡᠴᠦ ᠪᠢᠴᠢᠳᠡᠭ ᠰᠢᠯᠦᠭ ᠲᠤ ᠡᠵᠢ ᠮᠦᠡᠭᠬᠡᠷᠡᠳᠡᠭ | ᠭᠡᠷᠡᠯᠳᠦ ᠣᠷᠴᠢᠯᠠᠩ ᠪᠦᠬᠦᠨ᠎ᠡ ᠲᠦᠭᠦᠷᠡᠩ ᠪᠠᠶᠢᠳᠠᠬ | ᠦᠯᠦᠭᠡᠢ ᠠᠴᠠ ᠲᠡᠯᠡᠬᠡᠢ ᠬᠦᠷᠳᠡᠯ᠎ᠡ | ᠣᠬᠠᠭᠠᠨ ᠪᠢᠯᠢᠭ ᠠᠴᠠ ᠰᠦᠭ ᠰᠦᠨᠡᠰᠦ ᠬᠦᠷᠳᠡᠯ᠎ᠡ | ᠡᠵᠢ ᠮᠢᠨᠢ ᠢᠪᠡᠭᠡᠵᠦ ᠪᠠᠶᠢᠳᠠᠬ ᠬᠤᠶᠢᠨ᠎ᠠ | ᠡᠰ ᠪᠡᠶ᠎ᠡ ᠣᠶᠣᠨ ᠰᠠᠨᠠᠭ᠎ᠠ ᠭᠡᠵᠢᠶᠡᠳᠡ | ᠲᠣᠩᠭᠠᠯᠠᠬ ᠰᠠᠷᠠᠭᠤᠯᠬᠠᠨ ᠪᠠᠶᠢᠳᠠᠬ ᠡ | ᠲᠡᠭᠡᠪᠡᠴᠦ ᠪᠢ ᠡᠵᠢ ᠪᠠᠨ ᠲᠡᠩᠳᠡ ᠮᠦᠷᠦᠭᠡᠳᠦᠳᠡᠭ | ᠲᠡᠭᠷᠢ ᠠᠯᠣᠰ ᠲᠠᠯᠳᠠ ᠶᠢᠨ ᠣᠷᠴᠢᠯᠠᠩ ᠠᠴᠠ ᠣᠯᠵᠦ ᠬᠠᠷᠠᠳᠠᠬ | ᠲᠦᠷᠦᠯᠬᠢ ᠬᠡᠯᠡ ᠲᠠᠢ ᠢᠵᠢᠯᠢᠬᠡᠨ ᠵᠠᠶᠠᠭᠠᠳᠦ ᠡᠵᠢ ᠮᠢᠨᠢ | ᠲᠦᠭᠡᠷᠢᠭᠡ ᠶᠡᠬᠡᠳᠡᠢ ᠬᠤᠷᠸ᠎ᠠ ᠳᠤ ᠨᠠᠮᠠᠶᠢᠢ ᠬᠦᠳᠦᠯᠵᠦ | ᠵᠡᠭᠦᠳᠦᠨ ᠤ ᠠᠶᠣᠮᠰᠢᠬ ᠠᠴᠠ ᠠᠷᠭᠠᠳᠠᠨ ᠵᠠᠶᠢᠯᠠᠭᠤᠯᠵᠦ | ᠵᠦᠡᠭ ᠪᠡᠯᠭᠡ ᠶᠢᠨ ᠭᠠᠶᠢᠬᠠᠮᠰᠢᠬ ᠲᠤ ᠬᠦᠷᠭᠡᠵᠦ ᠪᠠᠶᠢᠳᠠᠬ ᠡ |