ᠮᠠᠨ ᠤ ᠰᠢᠶᠠᠨ ᠤ ᠮᠦᠰᠯᠢᠮᠴᠦᠳ ᠮᠠᠴᠠᠭ ᠲᠠᠶᠢᠯᠬᠤ ᠪᠠᠶᠠᠷ ᠢᠶᠠᠨ ᠪᠠᠯᠭᠡᠯᠡᠭᠰᠡᠨ
ᠨᠡᠶᠢᠲᠡᠯᠡᠭᠰᠡᠨ ᠴᠠᠭ᠄
2018-06-17
     6 ᠰᠠᠷ᠎ᠠ ᠶᠢᠨ 16 ᠤ ᠡᠳᠦᠷ᠂ ᠮᠠᠨ ᠤ ᠰᠢᠶᠠᠨ ᠤ 300 ᠭᠠᠷᠤᠶ ᠮᠦᠰᠯᠢᠮᠴᠦᠳ ᠯᠠᠯᠤ ᠶᠢᠨ ᠰᠦᠮ᠎ᠡ ᠳᠤ ᠴᠤᠭᠯᠠᠷᠠᠨ ᠬᠤᠷᠠᠵᠦ᠂ ᠬᠠᠷᠢᠯᠴᠠᠨ ᠮᠡᠡᠳᠦᠴᠢᠯᠡᠨ᠂ ᠬᠠᠷᠢᠯᠴᠠᠨ ᠪᠠᠶᠠᠷ ᠬᠦᠷᠭᠡᠵᠦ ᠮᠠᠴᠠᠭ ᠲᠠᠶᠢᠯᠬᠤ ᠪᠠᠶᠠᠷ ᠢᠶᠠᠨ ᠪᠠᠯᠭᠡᠯᠡᠭᠰᠡᠨ ᠪᠠᠶᠢᠨ᠎ᠠ᠃ ᠰᠢᠶᠠᠨ ᠤ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ᠂ ᠦᠨᠳᠦᠰᠦᠳᠡᠨ ᠤ ᠱᠠᠰᠢᠨ ᠰᠣᠷᠳᠠᠬᠤᠨ ᠤ ᠬᠡᠷᠡᠭ ᠡᠷᠬᠢᠯᠡᠬᠦ ᠵᠦᠪᠯᠡᠯ ᠵᠡᠷᠭᠡ ᠪᠠᠶᠢᠭᠤᠯᠭ᠎ᠠ ᠶᠢᠨ ᠬᠠᠷᠢᠭᠤᠴᠠᠯᠭᠠᠲᠠᠨ ᠨᠠᠷ ᠮᠠᠴᠠᠭ ᠲᠠᠶᠢᠯᠬᠤ ᠪᠠᠶᠠᠷ ᠤᠨ ᠶᠤᠰᠤᠯᠠᠯ ᠳᠤ ᠣᠷᠣᠯᠴᠠᠪᠠ᠃      ︽ᠮᠠᠴᠠᠭ ᠲᠠᠶᠢᠯᠬᠤ ᠪᠠᠶᠠᠷ︾ ᠢ ᠪᠠᠰᠠ ︽ᠪᠠᠴᠠᠭ ᠲᠠᠶᠢᠯᠬᠤ ᠪᠠᠶᠠᠷ︾ ᠭᠡᠨ᠎ᠡ᠂ ᠢᠰᠯᠠᠮ ᠤᠨ ᠱᠠᠰᠢᠨ ᠤ ᠲᠣᠭᠲᠠᠭᠠᠯ ᠶᠣᠰᠣᠭᠠᠷ᠂ ᠢᠰᠯᠠᠮ ᠤᠨ ᠱᠠᠰᠢᠨ ᠤ ᠲᠤᠭᠠᠯᠠᠯ ᠢᠶᠠᠷ ᠵᠢᠯ ᠪᠦᠷᠢ ᠶᠢᠨ 9 ᠳ᠋ᠦ᠋ᠭᠡᠷ ᠰᠠᠷ᠎ᠠ ᠪᠣᠯ ᠮᠠᠴᠠᠭ ᠰᠠᠬᠢᠬᠤ ᠰᠠᠷ᠎ᠠ ᠪᠤᠯᠤᠨ᠎ᠠ᠃ ᠮᠠᠴᠠᠭ ᠪᠠᠷᠢᠬᠰᠠᠨ 29 ᠤ ᠡᠳᠦᠷ ᠤᠨ ᠣᠷᠣᠶ ᠬᠡᠷᠪᠡ ᠰᠢᠨ᠎ᠡ ᠰᠠᠷᠠ ᠶᠢ ᠤᠯᠵᠦ ᠦᠵᠡᠪᠡᠯ ᠲᠠᠷᠠᠭ᠎ᠠ ᠡᠳᠦᠷ ᠨᠢ ᠳᠠᠷᠤᠶ ᠮᠠᠴᠠᠭ ᠲᠠᠶᠢᠯᠬᠤ ᠪᠠᠶᠠᠷ ᠪᠣᠯᠣᠨ᠎ᠠ︔ ᠬᠡᠷᠪᠡ ᠰᠢᠨ᠎ᠡ ᠰᠠᠷᠠ ᠶᠢ ᠣᠯᠵᠦ ᠦᠵᠡᠭᠰᠡᠨ ᠦᠭᠡᠢ ᠪᠣᠯ ᠪᠠᠰᠠ ᠨᠢᠭᠡᠨ ᠡᠳᠦᠷ ᠮᠠᠴᠠᠭ ᠪᠠᠷᠢᠵᠦ᠂ ᠨᠡᠶᠢᠲᠡ 30 ᠡᠳᠦᠷ ᠪᠠᠷᠢᠵᠦ᠂ ᠬᠤᠶᠠᠳᠤᠭᠠᠷ ᠡᠳᠦᠷ ᠢ ᠰᠠᠶ᠋ᠢ ᠮᠠᠴᠠᠭ ᠲᠠᠶᠢᠯᠬᠤ ᠪᠠᠶᠠᠷ ᠭᠡᠵᠦ᠂ ᠨᠢᠭᠡ ᠰᠠᠷ᠎ᠠ ᠲᠡᠭᠦᠰ ᠠᠮᠵᠢᠯᠲᠠᠶ ᠮᠠᠴᠠᠭ ᠪᠠᠷᠢᠬᠰᠠᠨ ᠢᠶᠠᠨ ᠪᠡᠯᠭᠡᠯᠡᠨ᠎ᠡ᠃ ︽ᠪᠠᠴᠠᠭ ᠲᠠᠶᠢᠯᠬᠤ ᠪᠠᠶᠠᠷ︾ ᠪᠣᠯ ᠮᠠᠨ ᠤ ᠤᠯᠤᠰ ᠤᠨ ᠬᠤᠲᠣᠩ ᠦᠨᠳᠦᠰᠦᠲᠡᠨ᠂ ᠤᠶᠢᠭᠤᠷ ᠦᠨᠳᠦᠰᠦᠲᠡᠨ᠂ ᠬᠠᠰᠠᠭ ᠦᠨᠳᠦᠰᠦᠲᠡᠨ ᠵᠡᠷᠭᠡ ᠠᠷᠪᠠᠨ ᠢᠰᠯᠠᠮ ᠤᠨ ᠱᠠᠰᠢᠨ ᠢ ᠰᠢᠲᠦᠳᠡᠭ ᠦᠨᠳᠦᠰᠦᠲᠡᠨ ᠤ ᠤᠯᠠᠮᠵᠢᠯᠠᠯᠲᠤ ᠪᠠᠶᠠᠷ ᠤᠨ ᠡᠳᠦᠷ ᠪᠠᠶᠢᠵᠦ᠂ ᠪᠠᠰᠠ ᠮᠠᠨ ᠤ ᠤᠯᠤᠰ ᠤᠨ ᠬᠤᠲᠣᠩ ᠦᠨᠳᠦᠰᠦᠲᠡᠨ ᠤ ᠴᠠᠭᠠᠨ ᠰᠠᠷ᠎ᠠ ᠪᠤᠯᠤᠨ᠎ᠠ᠃ ᠮᠠᠴᠠᠭ ᠲᠠᠶᠢᠯᠬᠤ ᠪᠠᠶᠠᠷ᠂ ᠺᠦᠷᠪᠠᠨ ᠤ ᠪᠠᠶᠠᠷ᠂ ᠬᠤᠲᠤᠭᠲᠤ ᠭᠠᠯᠪᠠ ᠶᠢᠨ ᠪᠠᠶᠠᠷ ᠪᠣᠯ ᠢᠰᠯᠠᠮ ᠤᠨ ᠱᠠᠰᠢᠨ ᠤ ᠭᠤᠷᠪᠠᠨ ᠶᠡᠭᠡ ᠪᠠᠶᠠᠷ ᠪᠤᠯᠬᠤ ᠶᠤᠮ᠃
 
ᠢᠷᠡᠯᠲᠡ᠄ ᠺᠠᠶᠢᠯᠦ ᠰᠢᠶᠠᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号