〖ᠲᠣᠪᠴᠢ ᠲᠠᠨᠢᠯᠴᠠᠭᠤᠯᠭ᠎ᠠ〗 | | | ᠺᠠᠶᠢᠯᠦ ᠰᠢᠶᠠᠨ ᠪᠣᠯ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠲᠦᠩᠯᠢᠶᠤᠤ ᠬᠤᠳᠠ ᠶᠢᠨ | ᠪᠠᠷᠠᠭᠤᠨ ᠬᠡᠰᠡᠭ ᠲᠤ ᠪᠠᠶᠢᠷᠢᠯᠠᠵᠦ᠂ ᠪᠦᠬᠦ ᠰᠢᠶᠠᠨ ᠤ ᠶᠡᠷᠦᠩᠭᠢ ᠲᠠᠯᠠᠪᠠᠢ 4488 ᠲᠡᠭᠰᠢ ᠲᠦᠷᠪᠡᠯᠵᠢᠨ | ᠺᠢᠯᠦᠮᠧᠲᠷ ᠪᠠᠶᠢᠵᠦ᠂ 12 ᠪᠠᠯᠭᠠᠰᠦ ︵ᠲᠠᠯᠠᠪᠠᠢ︶᠂ 1 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ 261 | ᠵᠠᠰᠠᠭ ᠵᠠᠬᠢᠷᠭᠠᠨ ᠤ ᠭᠠᠴᠠᠭ᠎ᠠ ᠲᠣᠰᠬᠤᠨ ︵ᠬᠤᠪᠢᠶᠠᠷᠢ ᠲᠠᠯᠠᠪᠠᠢ︶᠂ 10 ᠨᠡᠶᠢᠭᠡᠮ ᠲᠤᠭᠤᠷᠢᠭ ᠤᠨ ᠰᠠᠭᠤᠭᠠᠯᠢ | ᠠᠷᠠᠳ ᠤᠨ ᠵᠦᠪᠯᠡᠯ ᠢ ᠵᠠᠬᠢᠷᠤᠨ ᠬᠠᠮᠢᠶᠠᠷᠴᠦ᠂ ᠨᠡᠶᠢᠲᠡ 40 ᠲᠦᠮᠡᠨ ᠬᠦᠮᠦᠨ ᠠᠮᠠ ᠲᠠᠢ᠂ ᠬᠢᠲᠠᠳ᠂ ᠮᠤᠩᠭᠤᠯ᠂ | ᠬᠤᠳᠤᠩ᠂ ᠮᠠᠨᠵᠦ ᠵᠡᠷᠭᠡ 14 ᠦᠨᠳᠦᠰᠦᠳᠡᠨ ᠲᠠᠢ ᠪᠠᠶᠢᠳᠠᠭ᠃ ᠺᠠᠶᠢᠯᠦ ᠰᠢᠶᠠᠨ ᠪᠣᠯ ︽ᠳᠠᠮ ᠢᠯᠳᠦ ᠶᠢᠨ | ᠣᠷᠣᠭᠰᠢᠯᠠᠯᠳᠠ ᠶᠢᠨ ᠲᠠᠭᠤᠤ︾ ᠤᠨ ᠵᠤᠬᠢᠶᠠᠬᠴᠢ᠂ ᠬᠤᠪᠢᠰᠬᠠᠯᠳᠦ ᠨᠦᠭᠴᠢᠭᠰᠡᠨ ᠪᠠᠭᠠᠳᠤᠷ᠂ ᠠᠯᠳᠠᠷᠳᠦ | ᠬᠦᠭᠵᠢᠮᠴᠢᠨ ᠮᠠᠶᠢᠰᠢᠨ ᠤ ᠠᠵᠢᠯᠯᠠᠬᠰᠠᠨ ᠪᠠ ᠪᠠᠶᠢᠯᠳᠦᠵᠦ ᠦᠩᠭᠡᠷᠡᠭᠰᠡᠨ ᠭᠠᠵᠠᠷ ᠪᠤᠯᠤᠨ᠎ᠠ᠃ | ᠺᠠᠶᠢᠯᠦ ᠰᠢᠶᠠᠨ ᠪᠠᠷᠠᠭᠤᠨ ᠯᠢᠶᠤᠤ ᠡᠾᠧ ᠭᠤᠣᠯ ᠤᠨ ᠲᠤᠨᠤᠮᠠᠯ ᠲᠠᠯ᠎ᠠ ᠭᠠᠵᠠᠷ ᠤᠨ ᠥᠷᠦᠴᠡ ᠭᠠᠵᠠᠷ | ᠪᠠᠶᠢᠷᠢᠯᠠᠵᠦ᠂ ᠰᠡᠷᠢᠭᠦᠨ ᠪᠦᠰᠡᠨ ᠤ ᠡᠬᠡ ᠬᠠᠭᠤᠷᠠᠢ ᠶᠢᠨ ᠴᠢᠨᠠᠷᠳᠠᠢ ᠬᠠᠭᠠᠰ ᠭᠠᠩ ᠬᠠᠭᠤᠷᠠᠢ ᠶᠢᠨ ᠣᠯᠠᠷᠢᠯ ᠤᠨ | ᠰᠠᠯᠬᠢᠨ ᠤ ᠠᠭᠤᠷ ᠠᠮᠢᠰᠬᠤᠯ ᠳᠤ ᠬᠠᠷᠢᠶᠠᠯᠠᠬᠳᠠᠵᠦ᠂ ᠰᠢᠷᠠᠮᠦ᠋ᠷᠡᠨ ᠭᠤᠣᠯ᠂ ᠪᠠᠷᠠᠭᠤᠨ ᠯᠢᠶᠤᠤ ᠡᠾᠧ ᠭᠤᠣᠯ᠂ | ᠲᠠᠶᠢᠭ᠎ᠠ ᠶᠢᠨ ᠭᠤᠣᠯ᠂ ᠨᠠᠷᠢᠳ ᠤᠨ ᠭᠤᠣᠯ᠂ ᠦᠯᠵᠢᠮᠦ᠋ᠷᠡᠨ ᠭᠤᠣᠯ ᠵᠡᠷᠭᠡ ᠲᠠᠪᠤᠨ ᠭᠤᠣᠯ ᠮᠦᠷᠡᠨ ᠲᠠᠢ᠃ | ᠺᠠᠶᠢᠯᠦ ᠰᠢᠶᠠᠨ ᠤ ᠵᠠᠮ ᠬᠠᠷᠢᠯᠴᠠᠭ᠎ᠠ ᠲᠦᠭᠦᠮ ᠲᠦᠲᠡ ᠪᠠᠶᠢᠵᠦ᠂ ᠪᠡᠭᠡᠵᠢᠩ ― ᠲᠦᠩᠯᠢᠶᠤᠤ ᠬᠦᠷᠬᠦ᠂ | ᠣᠯᠠᠭᠠᠨᠴᠠᠪ ― ᠲᠦᠩᠯᠢᠶᠤᠤ ᠬᠦᠷᠬᠦ ᠲᠡᠮᠦᠷ ᠵᠠᠮ ᠪᠦᠬᠦ ᠰᠢᠶᠠᠨ ᠢ ᠬᠦᠨᠳᠡᠰᠦᠯᠡᠨ ᠵᠠᠬᠦᠨ ᠪᠠᠷᠠᠭᠤᠨ ᠢ ᠬᠤᠯᠪᠤᠵᠦ᠂ | ᠤᠯᠤᠰ ᠤᠨ ᠵᠠᠰᠠᠮᠠᠯ ᠵᠠᠮ 303᠂ 111 ᠱᠤᠭᠤᠮ ᠪᠤᠯᠤᠨ ᠲᠦᠩᠯᠢᠶᠤᠤ ― ᠤᠯᠠᠭᠠᠨᠬᠠᠳᠠ ᠬᠦᠷᠬᠦ ᠦᠨᠳᠦᠷ | ᠬᠤᠷᠳᠤᠴᠠᠳᠦ ᠵᠠᠰᠠᠮᠠᠯ ᠵᠠᠮ ᠪᠦᠬᠦ ᠬᠢᠯᠢ ᠪᠠᠷ ᠨᠡᠪᠳᠡᠷᠡᠪᠡ᠃ ᠺᠠᠶᠢᠯᠦ ᠰᠢᠶᠠᠨ ᠤ ᠰᠠᠯᠬᠢᠨ ᠤ ᠬᠦᠴᠦ ᠪᠠᠷ ᠴᠠᠬᠢᠯᠭᠠᠨ | ᠭᠠᠷᠭᠠᠬᠤ ᠠᠵᠤ ᠤᠶᠢᠯᠡᠰ ᠤᠨ ᠬᠥᠭᠵᠢᠯᠲᠡ ᠲᠦᠷᠭᠡᠳᠴᠦ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠵᠠᠭᠤᠨ ᠲᠦᠮᠡᠨ ᠺᠢᠯᠣᠸᠠᠲ ᠤᠨ ᠰᠠᠯᠬᠢᠨ ᠤ ᠬᠦᠴᠦ ᠪᠠᠷ ᠴᠠᠬᠢᠯᠭᠠᠨ ᠭᠠᠷᠭᠠᠬᠤ ᠰᠠᠭᠤᠷᠢᠨ ᠭᠠᠵᠠᠷ ᠤᠨ ᠨᠢᠭᠡ ᠨᠢ | ᠪᠣᠯᠤᠨ᠎ᠠ᠃ ᠪᠦᠬᠦ ᠰᠢᠶᠠᠨ ᠤ ᠣᠳᠣ ᠪᠠᠶᠢᠭ᠎ᠠ ᠲᠠᠷᠢᠶᠠᠨ ᠭᠠᠵᠠᠷ 182 ᠲᠦᠮᠡᠨ ᠮᠦ ᠪᠠᠶᠢᠵᠦ᠂ ᠠᠮᠤ ᠪᠤᠳᠠᠭ᠎ᠠ ᠶᠢᠨ | ᠤᠨᠠᠯᠳᠠ 30 ᠳ᠋ᠦᠩᠰᠢᠭᠤᠷ ᠵᠢᠩ ᠳᠤ ᠬᠦᠷᠴᠦ ᠪᠠᠶᠢᠵᠦ᠂ ᠮᠠᠯᠵᠢᠬᠤ ᠤᠶᠢᠯᠡᠰ ᠤᠨ ᠲᠠᠯ᠎ᠠ ᠪᠠᠷ ᠭᠡᠷ ᠤᠨ | ᠲᠡᠵᠢᠭᠡᠪᠦᠷᠢ ᠶᠢᠨ ᠲᠤᠭ᠎ᠠ 341.6 ᠲᠦᠮᠡᠨ ᠲᠣᠯᠣᠭᠠᠢ ᠳᠤ ᠬᠦᠷᠴᠦ ᠪᠠᠶᠢᠨ᠎ᠠ᠃ | ᠺᠠᠶᠢᠯᠦ ᠰᠢᠶᠠᠨ ᠪᠣᠯ ᠣᠯᠣᠰ ᠤᠨ ᠦᠨᠳᠦᠷ ᠦᠷ᠎ᠡ ᠠᠰᠢᠬᠳᠦ ᠣᠨᠴᠠᠯᠢᠭ ᠪᠦᠬᠦᠢ ᠲᠠᠷᠢᠶᠠᠯᠠᠩ ᠤᠨ ᠵᠢᠱᠢᠶ᠎ᠡ | ᠦᠵᠡᠭᠦᠯᠬᠦ ᠰᠢᠶᠠᠨ᠂ ᠪᠦᠬᠦ ᠣᠯᠣᠰ ᠤᠨ ᠲᠠᠷᠢᠶᠠᠯᠠᠩ ᠤᠨ ᠣᠰᠣᠨ ᠠᠰᠢᠭᠯᠠᠯᠳᠠ ᠶᠢᠨ ᠪᠦᠳᠦᠭᠡᠨ | ᠪᠠᠶᠢᠭᠤᠯᠤᠯᠳᠠ ᠶᠢᠨ ᠲᠠᠪᠰᠢᠩᠭᠤᠢ ᠰᠢᠶᠠᠨ᠂ ᠪᠦᠬᠦ ᠣᠯᠣᠰ ᠤᠨ ᠠᠮᠤ ᠪᠤᠳᠠᠭᠠᠨ ᠤ ᠤᠶᠢᠯᠡᠳᠪᠤᠷᠢᠯᠡᠯ ᠤᠨ | ᠲᠠᠪᠰᠢᠩᠭᠤᠢ ᠰᠢᠶᠠᠨ᠂ ᠲᠤᠮᠳᠠᠳᠤ ᠣᠯᠣᠰ ᠤᠨ ᠤᠮᠠᠷᠠᠳᠤ ᠣᠷᠣᠨ ᠤ ᠰᠢᠶᠠᠨ ᠤ ᠬᠡᠪᠴᠢᠶᠡᠨ ᠤ ᠬᠠᠮᠤᠭ ᠤᠨ ᠲᠣᠮᠤ | ᠤᠯᠠᠭᠠᠨ ᠯᠠᠵᠤᠤ ᠶᠢᠨ ᠤᠶᠢᠯᠡᠳᠪᠤᠷᠢᠯᠡᠯ ᠤᠨ ᠲᠦᠪᠯᠡᠷᠡᠨ ᠲᠠᠷᠬᠠᠬᠰᠠᠨ ᠭᠠᠵᠠᠷ ᠪᠠᠶᠢᠵᠦ᠂ ︿ᠲᠤᠮᠳᠠᠳᠤ ᠣᠯᠣᠰ ᠤᠨ | ᠤᠯᠠᠭᠠᠨ ᠯᠠᠵᠤᠤ ᠶᠢᠨ ᠭᠠᠷᠤᠯᠳᠠ ᠶᠢᠨ ᠲᠥᠪ﹀ ᠭᠡᠰᠡᠨ ᠰᠠᠶᠢᠬᠠᠨ ᠴᠤᠯᠠ ᠲᠠᠢ᠂ ᠶᠠᠭ ᠰᠠᠶᠢᠬᠠᠨ ᠰᠡᠷᠭᠦᠨ ᠮᠠᠨᠳᠦᠵᠦ | ᠪᠠᠶᠢᠭ᠎ᠠ ᠪᠦᠬᠦ ᠤᠯᠤᠰ ᠲᠤ ᠨᠡᠷᠡᠳᠡᠢ ᠡᠷᠳᠡᠨᠢ ᠰᠢᠰᠢ ᠶᠢᠨ ᠠᠮᠢᠳᠦ ᠪᠤᠳᠠᠰ ᠰᠢᠨᠵᠢᠯᠡᠬᠦ ᠣᠬᠠᠭᠠᠨ ᠮᠡᠷᠭᠡᠵᠢᠯ ᠤᠨ ᠠᠵᠤ | ᠤᠶᠢᠯᠡᠰ ᠤᠨ ᠰᠠᠭᠤᠷᠢᠨ ᠭᠠᠵᠠᠷ ᠪᠤᠯᠤᠨ᠎ᠠ᠃ ᠺᠠᠶᠢᠯᠦ ᠰᠢᠶᠠᠨ ᠡᠩ ᠲᠡᠷᠢᠭᠦᠨ ᠳᠤ ᠦᠪᠦᠷ ᠮᠤᠩᠭᠤᠯ ᠤᠨ ᠵᠡᠬᠦᠨ | ᠬᠡᠰᠡᠭ ᠣᠷᠣᠨ ᠳᠤ ᠵᠠᠭᠤᠨ ᠲᠦᠮᠡᠨ ᠺᠢᠯᠦᠸᠠᠲ ᠤᠨ ᠰᠠᠯᠬᠢᠨ ᠤ ᠬᠦᠴᠦ ᠪᠠᠷ ᠴᠠᠬᠢᠯᠭᠠᠨ ᠭᠠᠷᠭᠠᠬᠤ ᠰᠠᠭᠤᠷᠢᠨ | ᠭᠠᠵᠠᠷ ᠢ ᠪᠠᠶᠢᠭᠤᠯᠵᠦ᠂ ᠪᠦᠬᠦ ᠣᠷᠣᠨ ᠳᠤ ᠰᠠᠯᠬᠢᠨ ᠤ ᠬᠦᠴᠦ ᠪᠠᠷ ᠴᠠᠬᠢᠯᠭᠠᠨ ᠭᠠᠷᠭᠠᠬᠤ ᠢᠵᠢ ᠣᠬᠰᠠᠷᠠᠭᠰᠠᠨ | ᠮᠠᠰᠢᠨ ᠢ ᠲᠤᠰ ᠭᠠᠵᠠᠷ ᠤᠨ ᠴᠢᠨᠠᠷᠳᠠᠢ ᠰᠢᠷᠢᠰᠵᠢᠭᠦᠯᠦᠭᠰᠡᠨ ᠤᠶᠢᠯᠡᠳᠪᠤᠷᠢᠯᠡᠯ ᠪᠤᠯᠭᠠᠨ ᠤᠷᠢᠳᠴᠢᠯᠠᠨ ᠪᠡᠶᠡᠯᠡᠭᠦᠯᠪᠡ᠃ | ᠺᠠᠶᠢᠯᠦ ᠰᠢᠶᠠᠨ ᠤ ᠡᠷᠲᠡᠨ ᠤ ᠬᠠᠶᠢᠯᠠᠰᠦ ᠶᠢᠨ ᠬᠦᠷᠢᠶᠡᠯᠡᠩ᠂ ᠮᠠᠶᠢᠰᠢᠨ ᠤ ᠲᠤᠷᠠᠰᠬᠠᠯ ᠤᠨ ᠣᠷᠳᠣᠨ ᠪᠣᠯ | ᠣᠯᠣᠰ ᠤᠨ ᠲᠡᠰ ᠤᠨ AAA ᠵᠢᠭᠤᠯᠴᠢᠯᠠᠯ ᠤᠨ ᠦᠵᠡᠮᠵᠢ ᠶᠢᠨ ᠭᠠᠵᠠᠷ ᠪᠠᠶᠢᠵᠦ᠂ ᠶᠤᠸᠠᠨ ᠤ ᠦᠶ᠎ᠡ ᠶᠢᠨ | ᠪᠤᠷᠬᠠᠨ ᠤ ᠰᠤᠪᠤᠷᠭ᠎ᠠ ᠪᠣᠯ ᠤᠯᠤᠰ ᠤᠨ ᠲᠡᠰ ᠤᠨ ᠭᠤᠣᠯᠳᠠᠯᠭ᠎ᠠ ᠲᠠᠢ ᠬᠠᠮᠠᠭᠠᠯᠠᠯᠳᠠ ᠶᠢᠨ ᠲᠡᠤᠬᠡ ᠶᠢᠨ | ᠲᠤᠷᠠᠰᠬᠠᠯᠳᠦ ᠵᠤᠶᠢᠯ ᠪᠤᠯᠤᠨ᠎ᠠ᠃ | ᠺᠠᠶᠢᠯᠦ ᠰᠢᠶᠠᠨ ︽ᠭᠤᠷᠪᠠᠨ ᠣᠳᠣᠬᠢᠴᠢᠯᠠᠯᠳᠠ︾ ᠶᠢᠨ ᠠᠬᠢᠴᠠ ᠶᠢ ᠪᠦᠬᠦ ᠬᠦᠴᠦᠨ ᠢᠶᠠᠷ ᠲᠦᠯᠬᠢᠨ ᠠᠬᠢᠭᠤᠯᠵᠦ᠂ | ︽ᠠᠵᠤ ᠤᠶᠢᠯᠡᠳᠪᠤᠷᠢ ᠶᠢᠨ ᠬᠦᠴᠦᠷᠬᠡᠭ ᠰᠢᠶᠠᠨ︾ ᠤ ᠪᠠᠶᠢᠯᠳᠤᠬᠤ ᠪᠤᠳᠤᠯᠭ᠎ᠠ ᠶᠢ ᠭᠦᠨᠵᠡᠭᠡᠶᠢᠷᠡᠬᠦᠯᠦᠨ | ᠬᠡᠷᠡᠭᠵᠢᠭᠦᠯᠵᠦ᠂ ᠡᠷᠳᠡᠨᠢ ᠰᠢᠰᠢ ᠶᠢᠨ ᠠᠮᠢᠳᠦ ᠪᠤᠳᠠᠰ ᠰᠢᠨᠵᠢᠯᠡᠬᠦ ᠣᠬᠠᠭᠠᠨ ᠮᠡᠷᠭᠡᠵᠢᠯ᠂ ᠪᠤᠬᠢᠷᠳᠤᠯ ᠦᠭᠡᠢ | ᠲᠠᠷᠢᠶᠠᠯᠠᠩ ᠮᠠᠯ ᠤᠨ ᠠᠰᠢᠭ ᠰᠢᠮ᠎ᠡ ᠶᠢ ᠤᠶᠢᠯᠡᠳᠪᠤᠷᠢᠯᠡᠨ ᠪᠤᠯᠪᠠᠰᠤᠷᠠᠭᠤᠯᠵᠦ ᠭᠠᠳᠠᠭᠰᠢ ᠭᠠᠷᠭᠠᠬᠤ᠂ ᠰᠢᠨ᠎ᠡ | ᠮᠠᠶ᠋ᠢᠭ ᠤᠨ ᠡᠬᠢ ᠰᠤᠷᠪᠤᠯᠵᠢ ᠵᠡᠷᠭᠡ ︽ᠭᠤᠷᠪᠠᠨ ᠶᠡᠭᠡ ᠠᠵᠤ ᠤᠶᠢᠯᠡᠰ ᠤᠨ ᠪᠦᠯᠦᠭᠯᠡᠯ︾ ᠢ ᠬᠦᠴᠦᠯᠡᠨ | ᠪᠠᠶᠢᠭᠤᠯᠵᠦ ᠪᠠᠶᠢᠨ᠎ᠠ᠃ 2017 ᠣᠨ ᠤ ᠵᠢᠱᠢᠯᠲᠡ ᠪᠠᠷ ᠪᠦᠬᠦ ᠰᠢᠶᠠᠨ ᠤ ᠣᠷᠣᠨ ᠨᠣᠳᠤᠭ ᠤᠨ | ᠤᠶᠢᠯᠡᠳᠪᠤᠷᠢᠯᠡᠯ ᠤᠨ ᠶᠡᠷᠦᠩᠭᠢ ᠥᠷᠳᠡᠭ ᠢ 232.96 ᠳ᠋ᠦᠩᠰᠢᠭᠤᠷ ᠲᠦᠭᠦᠷᠢᠭ ᠢᠶᠠᠷ ᠪᠡᠶᠡᠯᠡᠭᠦᠯᠵᠦ᠂ 4. | 1% ᠪᠠᠷ ᠨᠡᠮᠡᠭᠳᠡᠵᠦ᠂ 500 ᠲᠦᠮᠡ ᠠᠴᠠ ᠲᠡᠭᠡᠭᠡᠰᠢ ᠲᠤᠬᠳᠠᠮᠠᠯ ᠡᠳ᠋ ᠬᠦᠷᠦᠩᠭᠡ ᠶᠢᠨ ᠪᠡᠯᠡ ᠣᠷᠣᠭᠤᠯᠤᠯᠳᠠ | 108.69 ᠳ᠋ᠦᠩᠰᠢᠭᠤᠷ ᠲᠦᠭᠦᠷᠢᠭ ᠢ ᠪᠡᠶᠡᠯᠡᠭᠦᠯᠦᠨ᠎ᠡ᠃ ᠨᠡᠶᠢᠭᠡᠮ ᠤᠨ ᠭᠡᠷᠡᠭᠯᠡᠭᠡᠨ ᠤ ᠵᠤᠶᠢᠯ ᠤᠨ ᠵᠢᠵᠢᠭᠯᠡᠨ | ᠬᠤᠳᠠᠯᠳᠤᠬᠤ ᠪᠦᠬᠦ ᠦᠷᠳᠡᠭ 42 ᠳ᠋ᠦᠩᠰᠢᠭᠤᠷ ᠲᠦᠭᠦᠷᠢᠭ ᠢ ᠪᠡᠶᠡᠯᠡᠭᠦᠯᠦᠨ᠎ᠡ᠃ ᠨᠡᠶᠢᠲᠡ ᠶᠢᠨ ᠡᠳ᠋ ᠤᠨ | ᠵᠠᠰᠠᠭ ᠤᠨ ᠣᠷᠣᠯᠭ᠎ᠠ 3.64 ᠳ᠋ᠦᠩᠰᠢᠭᠤᠷ ᠲᠦᠭᠦᠷᠢᠭ ᠢ ᠪᠡᠶᠡᠯᠡᠭᠦᠯᠵᠦ᠂ ᠬᠤᠳᠠ ᠪᠠᠯᠭᠠᠰᠦᠨ ᠤ ᠰᠠᠭᠤᠭᠠᠯᠢ | ᠠᠷᠠᠳ ᠤᠨ ᠲᠡᠭᠰᠢᠳᠭᠡᠭᠰᠡᠨ ᠣᠷᠣᠯᠭ᠎ᠠ ᠪᠠ ᠬᠦᠳᠡᠭᠡ ᠲᠤᠰᠬᠤᠨ ᠤ ᠰᠠᠭᠤᠭᠠᠯᠢ ᠠᠷᠠᠳ ᠤᠨ ᠲᠡᠭᠰᠢᠳᠭᠡᠭᠰᠡᠨ | ᠣᠷᠣᠯᠭ᠎ᠠ ᠲᠤᠰ ᠪᠦᠷᠢ 26971 ᠲᠦᠭᠦᠷᠢᠭ ᠪᠠ 14106 ᠲᠦᠭᠦᠷᠢᠭ ᠲᠤ ᠬᠦᠷᠴᠦ᠂ 8% ᠪᠠ 8.7% ᠪᠠᠷ | ᠨᠡᠮᠡᠭᠳᠡᠪᠡ᠃ | | | 〖ᠲᠡᠤᠬᠡ ᠶᠢᠨ ᠬᠤᠪᠢᠰᠤᠯ 〗 | | | 1908 ᠣᠨ ᠳᠤ ᠺᠠᠶᠢᠯᠦ ᠰᠢᠶᠠᠨ ᠪᠠᠶᠢᠭᠤᠯᠤᠭᠳᠠᠪᠠ᠃ ᠰᠢᠶᠠᠨ ᠪᠠᠶᠢᠭᠤᠯᠤᠭᠳᠠᠬᠤ ᠠᠴᠠ ᠡᠮᠦᠨ᠎ᠡ᠂ ᠴᠦᠨ | ᠴᠢᠦ ᠪᠠᠶᠢᠯᠳᠤᠭᠠᠨᠲᠤ ᠤᠯᠤᠰ ᠤᠨ ᠦᠶ᠎ᠡ ᠳᠤ ᠳ᠋ᠦᠩᠬᠤ ᠶᠢᠨ ᠨᠣᠳᠤᠭ ᠪᠠᠶᠢᠵᠦ᠂ ᠬᠠᠨ ᠤᠯᠤᠰ ᠤᠨ ᠡᠬᠢᠨ ᠤ | ᠦᠶ᠎ᠡ ᠳᠤ ᠰᠢᠶᠡᠨᠪᠢ ᠦᠨᠳᠦᠰᠦᠳᠡᠨ ᠤ ᠨᠣᠳᠤᠭ᠂ ᠯᠢᠶᠤᠤᠳᠦ᠋ᠩ ᠵᠢᠶᠦ᠋ᠨ ᠤ ᠪᠠᠷᠠᠭᠤᠨ ᠬᠤᠶᠢᠳᠦ ᠬᠢᠯᠢ ᠶᠢᠨ ᠬᠡᠰᠡᠭ | ᠪᠠᠶᠢᠵᠦ᠂ ᠰᠡᠭᠦᠯᠴᠢ ᠶᠢᠨ ᠥᠶ᠎ᠡ ᠳᠤ ᠶᠠᠠ ᠣᠯᠣᠰ ᠤᠨ ᠤᠮᠠᠷᠠᠳᠦ ᠬᠡᠰᠡᠭ ︵ᠶᠠᠨ ᠪᠸᠢ ᠶᠢᠨ ᠨᠣᠳᠤᠭ︶ ᠪᠠᠶᠢᠪᠠ︔ | ᠰᠦᠢ ᠤᠯᠤᠰ ᠤᠨ ᠦᠶ᠎ᠡ ᠳᠤ ᠹᠠᠨ ᠶᠠᠩ ᠵᠢᠶᠧ ᠳ᠋ᠦ᠋ ᠱᠢ ᠶᠢᠨ ᠬᠠᠷᠢᠶᠠᠳᠤ ᠭᠠᠵᠠᠷ ᠪᠠᠶᠢᠵᠦ᠂ ᠲᠠᠩ ᠤᠯᠤᠰ ᠤᠨ | ᠦᠶ᠎ᠡ ᠳᠤ ᠰᠦᠩ ᠮᠦᠸᠧ ᠳ᠋ᠦ᠋ ᠳ᠋ᠦ᠋ ᠹᠦ᠋ ︵ᠣᠷᠳᠣᠨ︶ ᠳᠤ ᠬᠠᠷᠢᠶᠠᠯᠠᠬᠳᠠᠵᠦ ᠪᠠᠶᠢᠪᠠ︔ ᠯᠢᠶᠣᠤ ᠤᠯᠤᠰ ᠤᠨ | ᠦᠶ᠎ᠡ ᠳᠤ᠂ ᠱᠠᠩᠵᠢᠩ ᠵᠠᠮ ᠤᠨ ᠯᠢᠨ ᠬᠤᠸᠠᠩ ᠹᠦ᠋ ᠳᠤ ᠬᠠᠷᠢᠶᠠᠯᠠᠬᠳᠠᠵᠦ᠂ ᠠᠯᠳᠠᠨ ᠤᠯᠤᠰ ᠤᠨ ᠦᠶ᠎ᠡ ᠳᠤ᠂ | ᠵᠠᠰᠠᠭ ᠵᠠᠬᠢᠷᠭᠠᠨ ᠤ ᠬᠤᠪᠢ ᠳᠤ ᠪᠡᠭᠡᠵᠢᠩ ᠵᠠᠮ ᠤᠨ ᠯᠢᠨ ᠬᠤᠸᠠᠩ ᠹᠦ᠋ ᠳᠤ ᠬᠠᠷᠢᠶᠠᠯᠠᠬᠳᠠᠵᠦ᠂ ᠬᠠᠮᠠᠭᠠᠯᠠᠯᠲᠠ ᠶᠢᠨ | ᠠᠵᠢᠯ ᠤᠨ ᠬᠤᠪᠢ ᠳᠤ ᠯᠢᠨ ᠬᠤᠸᠠᠩ ᠵᠠᠮ ᠳᠤ ᠬᠠᠷᠢᠶᠠᠯᠠᠬᠳᠠᠵᠦ ᠪᠠᠶᠢᠪᠠ︔ ᠶᠤᠸᠠᠨ ᠤᠯᠤᠰ ᠤᠨ ᠦᠶ᠎ᠡ ᠳᠤ᠂ | ᠤᠷᠢᠳᠠᠪᠠᠷ ᠯᠢᠶᠣᠤ ᠸᠠᠩ ᠤᠨ ᠡᠷᠭᠦᠮᠵᠢᠯᠡᠯ ᠤᠨ ᠭᠠᠵᠠᠷ ᠪᠠᠶᠢᠵᠦ᠂ ᠰᠡᠭᠦᠯᠡᠷ ᠨᠢ ᠴᠢᠤᠸᠠᠨ ᠨᠢᠩ ᠵᠠᠮ ᠤᠨ | ᠬᠠᠷᠢᠶᠠᠨ ᠳᠤ ᠬᠠᠷᠢᠶᠠᠯᠠᠬᠳᠠᠪᠠ︔ ᠮᠢᠩ ᠤᠯᠤᠰ ᠤᠨ ᠦᠶ᠎ᠡ ᠳᠤ ᠤᠷᠢᠶᠠᠩᠬᠠᠢ ᠭᠤᠷᠪᠠᠨ ᠸᠧᠢ ᠶᠢᠨ ᠲᠠᠶᠢᠨᠢᠩ | ᠸᠧᠢ ᠳᠤ ᠬᠠᠷᠢᠶᠠᠯᠠᠬᠳᠠᠵᠦ ᠪᠠᠶᠢᠪᠠ︔ ᠴᠢᠩ ᠤᠯᠤᠰ ᠤᠨ ᠦᠶ᠎ᠡ ᠳᠤ ᠿᠧ ᠾᠧ ᠳ᠋ᠦᠲ᠋ᠦ᠋ᠩ ᠤᠨ ᠬᠠᠮᠢᠶᠠᠷᠤᠯᠳᠠ | ᠲᠤᠳᠤᠷᠠᠬᠢ ᠵᠤᠤ ᠤᠳᠠ ᠴᠢᠭᠤᠯᠭᠠᠨ ᠤ ᠠᠷᠤ ᠬᠤᠷᠴᠢᠨ ᠬᠤᠰᠢᠭᠤ᠂ ᠵᠡᠭᠦᠨ ᠵᠠᠷᠤᠳ ᠬᠤᠰᠢᠭᠤ᠂ ᠪᠠᠷᠠᠭᠤᠨ | ᠵᠠᠷᠤᠳ ᠬᠤᠰᠢᠭᠤ ᠭᠤᠷᠪᠠᠨ ᠬᠤᠰᠢᠭᠤᠨ ᠤ ᠸᠠᠩ ᠭᠥᠩ ᠤᠨ ᠬᠠᠷᠢᠶᠠᠳᠦ ᠭᠠᠵᠠᠷ ᠪᠠᠶᠢᠪᠠ᠃ | ᠴᠢᠩ ᠤᠯᠤᠰ ᠤᠨ ᠪᠠᠳᠠᠷᠠᠭᠤᠯᠲᠤ ᠲᠥᠷᠥ ᠶᠢᠨ ᠭᠤᠴᠢᠨ ᠳᠥᠷᠪᠡᠳᠦᠭᠡᠷ ᠣᠨ ︵1908︶ ᠳᠤ ᠰᠢᠶᠠᠨ | ᠪᠠᠶᠢᠭᠤᠯᠤᠬᠳᠠᠭᠰᠠᠨ ᠤ ᠰᠡᠭᠦᠯᠡᠷ᠂ ᠿᠧ ᠾᠧ ᠮᠤᠵᠢ ᠶᠢᠨ ᠤᠯᠠᠭᠠᠨᠬᠠᠳᠠ ᠶᠢᠨ ᠰᠢᠭᠤᠳ ᠬᠠᠷᠢᠶ᠎ᠠ ᠵᠧᠤ ᠪᠠᠶᠢᠪᠠ᠃ | ᠳᠤᠮᠳᠠᠳᠤ ᠢᠷᠭᠡᠨ ᠤᠯᠤᠰ ᠤᠨ ᠦᠶ᠎ᠡ ᠳᠤ᠂ ᠢᠷᠭᠡᠨ ᠤᠯᠤᠰ ᠤᠨ 2 ᠣᠨ ︵1913 ᠣᠨ︶ ᠳᠤ ᠿᠧ ᠾᠧ | ᠵᠠᠮ ᠳᠤ ᠬᠠᠷᠢᠶᠠᠯᠠᠬᠳᠠᠵᠦ᠂ ᠢᠷᠭᠡᠨ ᠤᠯᠤᠰ ᠤᠨ 3 ᠣᠨ ︵1914 ᠣᠨ︶ ᠳᠤ ᠰᠦᠢ ᠶᠤᠸᠠᠨ᠂ ᠿᠧ ᠾᠧ᠂ | ᠴᠠᠬᠠᠷ ᠤᠨ ᠵᠠᠰᠠᠭ ᠵᠠᠬᠢᠷᠭᠠᠨ ᠤ ᠣᠨᠴᠠᠭᠠᠶ ᠣᠷᠣᠨ ᠤ ᠿᠧ ᠾᠧ ᠵᠠᠮ ᠳᠤ ᠬᠠᠷᠢᠶᠠᠯᠠᠬᠳᠠᠵᠦ᠂ ᠢᠷᠭᠡᠨ ᠤᠯᠤᠰ ᠤᠨ | 17 ᠣᠨ ︵1928 ᠣᠨ︶ ᠳᠤ ᠿᠧ ᠾᠧ ᠵᠠᠰᠠᠭ ᠵᠠᠬᠢᠷᠭᠠᠨ ᠤ ᠮᠤᠵᠢ ᠳᠤ ᠬᠠᠷᠢᠶᠠᠯᠠᠬᠳᠠᠵᠦ ᠪᠠᠶᠢᠪᠠ᠃ ᠵᠡᠭᠦᠨ | ᠬᠤᠶᠢᠲᠤ ᠣᠷᠣᠨ ᠡᠵᠡᠯᠡᠭᠳᠡᠭᠰᠡᠨ ᠦᠶ᠎ᠡ ᠳᠤ᠂ ᠢᠷᠭᠡᠨ ᠤᠯᠤᠰ ᠤᠨ 22 ᠣᠨ ︵1933 ᠣᠨ ᠤ 3 ᠰᠠᠷ᠎ᠠ ᠶᠢᠨ | 9 ᠤ ᠡᠳᠦᠷ︶ ᠳᠤ ᠶᠠᠫᠣᠨ ᠴᠡᠷᠢᠭ ᠺᠠᠶᠢᠯᠦ ᠰᠢᠶᠠᠨ ᠢ ᠲᠦᠷᠢᠮᠡᠬᠡᠶᠢᠯᠡᠨ ᠡᠵᠡᠯᠡᠵᠦ᠂ ᠬᠠᠭᠤᠷᠮᠠᠭ ᠮᠠᠨᠵᠤ ᠤᠯᠤᠰ ᠲᠤ | ᠬᠤᠪᠢᠶᠠᠬᠳᠠᠭᠰᠠᠨ ᠪᠠᠶᠢᠪᠠ᠃ ᠲᠤᠰ ᠵᠢᠯ ᠤᠨ 5 ᠰᠠᠷ᠎ᠠ ᠶᠢᠨ 10 ᠤ ᠡᠳᠦᠷ ᠺᠠᠶᠢᠯᠦ ᠰᠢᠶᠠᠨ ᠬᠠᠭᠤᠷᠮᠠᠭ ᠬᠢᠩᠭᠠᠨ ᠤ | ᠪᠠᠷᠠᠭᠤᠨ ᠬᠤᠪᠢᠶᠠᠷᠢ ᠮᠤᠵᠢ ᠶᠢᠨ ᠰᠢᠭᠤᠳ ᠬᠠᠷᠢᠶ᠎ᠠ ᠪᠤᠯᠵᠦ᠂ ᠮᠤᠵᠢ ᠶᠢᠨ ᠲᠥᠪ ᠪᠠᠶᠢᠪᠠ᠃ | 1934 ᠣᠨ ᠤ 12 ᠰᠠᠷ᠎ᠠ ᠶᠢᠨ 1 ᠤ ᠡᠳᠦᠷ᠂ ᠺᠠᠶᠢᠯᠦ ᠰᠢᠶᠠᠨ ᠬᠢᠩᠭᠠᠨ ᠮᠤᠵᠢ ᠶᠢᠨ ᠰᠢᠭᠤᠳ ᠬᠠᠷᠢᠶ᠎ᠠ | ᠪᠣᠯᠵᠦ᠂ ᠮᠦᠨ ᠬᠦ ᠮᠤᠵᠢ ᠶᠢᠨ ᠲᠥᠪ ᠪᠠᠶᠢᠪᠠ᠃ | 1943 ᠣᠨ ᠳᠤ᠂ ᠺᠠᠶᠢᠯᠦ ᠰᠢᠶᠠᠨ ᠬᠠᠭᠤᠷᠮᠠᠭ ᠬᠢᠩᠭᠠᠨ ᠶᠠᠷᠦᠩᠭᠢ ᠮᠤᠵᠢ ᠶᠢᠨ ᠰᠢᠭᠤᠳ | ᠬᠠᠷᠢᠶ᠎ᠠ ᠪᠤᠯᠪᠠ᠃ | 1945 ᠣᠨ ᠤ 8 ᠰᠠᠷ᠎ᠠ ᠳᠤ ᠬᠠᠭᠤᠷᠮᠠᠭ ᠮᠠᠨᠵᠤ ᠤᠯᠤᠰ ᠰᠦᠢᠷᠡᠭᠰᠡᠨ ᠠᠴᠠ ᠲᠤᠰ ᠵᠢᠯ ᠤᠨ ᠡᠴᠦᠰ | ᠪᠣᠯᠲᠠᠯ᠎ᠠ᠂ ᠺᠠᠶᠢᠯᠦ ᠰᠢᠶᠠᠨ ᠬᠠᠭᠤᠷᠮᠠᠭ ᠵᠡᠭᠡᠯᠢ ᠶᠢᠨ ᠲᠠᠷᠤᠭ᠎ᠠ ᠵᠠᠩ ᠨᠢᠶᠠᠨ ᠽᠦ ᠪᠠᠷ ᠲᠣᠯᠣᠭᠠᠶᠢᠯᠠᠭᠤᠯᠤᠭᠰᠠᠨ | ᠬᠠᠭᠤᠷᠮᠠᠭ ᠵᠠᠰᠠᠭ ᠣᠷᠣᠨ ᠨᠤᠲᠤᠭ ᠤᠨ ᠠᠮᠤᠷ ᠢ ᠬᠠᠮᠠᠭᠠᠯᠠᠬᠤ ᠵᠦᠪᠯᠡᠯ ᠳᠤ ᠨᠤᠶᠠᠷᠬᠠᠬᠳᠠᠵᠦ ᠪᠠᠶᠢᠪᠠ ︵ | ᠬᠤᠶᠠᠳᠤᠭᠠᠷ ᠮᠠᠨᠵᠤ ᠨᠣᠶᠠᠷᠬᠠᠯ ᠭᠡᠵᠦ ᠨᠡᠷᠡᠯᠡᠵᠦ ᠪᠠᠶᠢᠪᠠ︶᠃ | 1946 ᠣᠨ ᠤ 1 ᠰᠠᠷ᠎ᠠ ᠶᠢᠨ 16 ᠤ ᠡᠳᠦᠷ᠂ ᠰᠢᠨ᠎ᠡ ᠳᠥᠷᠪᠡᠳᠦᠭᠡᠷ ᠠᠷᠮᠠᠢ ᠶᠢᠨ ᠭᠤᠷᠪᠠᠳᠤᠭᠠᠷ | ᠳ᠋ᠢᠸᠢᠽᠢ ᠬᠤᠷᠢᠶᠠᠨ ᠤ ᠨᠠᠢᠮᠠᠳᠤᠭᠠᠷ ᠪᠷᠢᠭᠠᠳ᠋ ᠤᠨ ᠬᠤᠷᠢᠨ ᠳᠥᠷᠪᠡᠳᠦᠭᠡᠷ ᠪᠦᠯᠬᠦᠮ ᠺᠠᠶᠢᠯᠦ ᠰᠢᠶᠠᠨ ᠢ ᠬᠦᠯᠢᠶᠠᠨ | ᠠᠪᠴᠦ᠂ ᠺᠠᠶᠢᠯᠦ ᠰᠢᠶᠠᠨ ᠲᠦᠩᠯᠢᠶᠤᠤ ᠺᠠᠶᠢᠯᠦ ᠶᠢᠨ ᠠᠵᠢᠯᠴᠢᠨ ᠤ ᠡᠪᠯᠡᠯ ᠳᠤ ᠬᠠᠷᠢᠶᠠᠯᠠᠭᠳᠠᠪᠠ᠃ ᠲᠤᠰ ᠵᠢᠯ ᠤᠨ | 2 ᠰᠠᠷ᠎ᠠ ᠶᠢᠨ 23 ᠤ ᠡᠳᠦᠷ᠂ ᠺᠠᠶᠢᠯᠦ ᠰᠢᠶᠠᠨ ᠲᠦᠩᠯᠢᠶᠣᠤ ᠬᠤᠲᠠ ᠶᠢᠨ ᠭᠤᠣᠯ ᠰᠢᠶᠠᠨ ᠤ ᠬᠤᠷᠢᠶ᠎ᠠ ᠳᠤ | ᠬᠠᠷᠢᠶᠠᠯᠠᠭᠳᠠᠪᠠ᠃ ᠲᠤᠰ ᠵᠢᠯ ᠤᠨ 4 ᠰᠠᠷ᠎ᠠ ᠶᠢᠨ 1 ᠤ ᠡᠳᠦᠷ᠂ ᠺᠠᠶᠢᠯᠦ ᠰᠢᠶᠠᠨ ᠵᠢᠷᠢᠮ ᠠᠶᠢᠮᠠᠭ ᠤᠨ | ᠠᠷᠠᠳᠴᠢᠯᠠᠭᠰᠠᠨ ᠵᠠᠰᠠᠭ ᠤᠨ ᠣᠷᠳᠣᠨ ᠳᠤ ᠬᠠᠷᠢᠶᠠᠯᠠᠭᠳᠠᠪᠠ᠃ ᠲᠤᠰ ᠵᠢᠯ ᠤᠨ 5 ᠰᠠᠷ᠎ᠠ ᠳᠤ᠂ ᠵᠢᠷᠢᠮ | ᠠᠶᠢᠮᠠᠭ ᠤᠨ ᠵᠠᠰᠠᠭ ᠤᠨ ᠣᠷᠳᠣᠨ ᠪᠠᠶᠢᠭᠤᠯᠤᠮᠵᠢ ᠪᠠᠨ ᠦᠭᠡᠷᠡᠴᠢᠯᠡᠵᠦ᠂ ᠺᠠᠶᠢᠯᠦ ᠰᠢᠶᠠᠨ ᠯᠢᠶᠤᠤᠨᠢᠩ ᠭᠢᠷᠢᠨ ᠵᠠᠰᠠᠭ | ᠵᠠᠬᠢᠷᠭᠠᠨ ᠤ ᠵᠠᠬᠢᠷᠭ᠎ᠠ ᠳᠠᠬᠢ ᠵᠢᠷᠢᠮ ᠠᠶᠢᠮᠠᠭ ᠤᠨ ᠵᠠᠰᠠᠭ ᠤᠨ ᠣᠷᠳᠣᠨ ᠳᠤ ᠬᠠᠷᠢᠶᠠᠯᠠᠭᠳᠠᠪᠠ᠃ ᠲᠤᠰ ᠵᠢᠯ ᠤᠨ | 10 ᠰᠠᠷ᠎ᠠ ᠶᠢᠨ 25 ᠤ ᠡᠳᠦᠷ᠂ ᠳᠤᠮᠳᠠᠳᠤ ᠤᠯᠤᠰᠤᠨ ᠡᠪ ᠬᠠᠮᠲᠤ ᠨᠠᠮ ᠤᠨ ᠺᠠᠶᠢᠯᠦ ᠰᠢᠶᠠᠨ ᠤ ᠨᠠᠮ ᠤᠨ | ᠬᠤᠷᠢᠶ᠎ᠠ᠂ ᠰᠢᠶᠠᠨ ᠤ ᠵᠠᠰᠠᠭ ᠤᠨ ᠣᠷᠳᠣᠨ ᠪᠠᠶᠢᠯᠳᠤᠬᠤ ᠪᠤᠳᠤᠯᠭ᠎ᠠ ᠪᠠᠨ ᠰᠢᠯᠵᠢᠭᠦᠯᠦᠨ᠂ ᠺᠠᠶᠢᠯᠦ ᠰᠢᠶᠠᠨ ᠠᠴᠠ | ᠤᠬᠤᠷᠢᠨ ᠭᠠᠷᠴᠤ ᠫᠠᠷᠲ᠋ᠢᠽᠠᠨ ᠳᠠᠶᠢᠨ ᠢ ᠥᠷᠨᠢᠭᠦᠯᠪᠡ᠃ ᠭᠤᠮᠢᠨᠳᠠᠩ ᠤᠨ ᠲᠠᠯᠠᠨ ᠨᠢᠭᠡᠳᠦᠭᠡᠷ ᠠᠷᠮᠠᠢ ᠶᠢᠨ ᠨᠠᠶᠠᠨ | ᠨᠠᠶᠢᠮᠠᠳᠤᠭᠠᠷ ᠳ᠋ᠢᠸᠢᠽᠢ ᠶᠢᠨ ᠠᠷᠪᠠᠨ ᠵᠢᠷᠭᠤᠳᠤᠭᠠᠷ ᠪᠦᠯᠬᠦᠮ ᠺᠠᠶᠢᠯᠦ ᠰᠢᠶᠠᠨ ᠢ ᠡᠵᠡᠯᠡᠵᠦ᠂ ︽ᠺᠠᠶᠢᠯᠦ ᠰᠢᠶᠠᠨ ᠤ | ᠵᠠᠰᠠᠭ ᠤᠨ ᠲᠦᠷ ᠴᠠᠭᠤᠨ ᠵᠥᠪᠯᠡᠯ︾ ᠢ ᠪᠡᠯᠡᠳᠬᠡᠨ ᠪᠠᠶᠢᠭᠤᠯᠵᠤ᠂ ᠺᠠᠶᠢᠯᠦ ᠰᠢᠶᠠᠨ ᠤ ᠬᠡᠰᠡᠭ ᠭᠠᠵᠠᠷ ᠣᠷᠣᠨ ᠢ | ᠨᠤᠶᠠᠷᠬᠠᠭᠰᠠᠨ ᠪᠠᠶᠢᠨ᠎ᠠ᠃ | 1947 ᠣᠨ ᠤ 2 ᠰᠠᠷ᠎ᠠ ᠶᠢᠨ 27 ᠤ ᠡᠳᠦᠷ᠂ ᠺᠠᠶᠢᠯᠦ ᠰᠢᠶᠠᠨ ᠢ ᠬᠤᠶᠠᠳᠤᠭᠠᠷ ᠤᠳᠠᠭ᠎ᠠ ᠡᠭᠡᠭᠦᠯᠵᠦ | ᠠᠪᠤᠭᠰᠠᠨ ᠤ ᠲᠠᠷᠠᠭ᠎ᠠ᠂ ᠯᠢᠶᠤᠤᠪᠸᠢ ᠮᠤᠵᠢ ᠶᠢᠨ ᠵᠢᠷᠢᠮ ᠠᠶᠢᠮᠠᠭ ᠤᠨ ᠵᠠᠰᠠᠭ ᠤᠨ ᠣᠷᠳᠣᠨ ᠳᠤ ᠬᠠᠷᠢᠶᠠᠯᠠᠭᠳᠠᠪᠠ᠃ | 1949 ᠣᠨ ᠤ 4 ᠰᠠᠷ᠎ᠠ ᠶᠢᠨ 21 ᠤ ᠡᠳᠦᠷ᠂ ᠵᠡᠭᠦᠨ ᠬᠤᠶᠢᠲᠤ ᠣᠷᠣᠨ ᠤ ᠵᠠᠰᠠᠭ ᠵᠠᠬᠢᠷᠭᠠᠨ ᠤ ᠵᠥᠪᠯᠡᠯ | ᠵᠠᠷᠯᠢᠭ ᠪᠠᠭᠤᠯᠭᠠᠨ᠂ ᠵᠢᠷᠢᠮ ᠠᠶᠢᠮᠠᠭ ᠯᠢᠶᠤᠤᠪᠸᠢ ᠮᠤᠵᠢ ᠠᠴᠠ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠳᠤ ᠬᠤᠪᠢᠶᠠᠬᠳᠠᠨ ᠤᠷᠤᠵᠦ᠂ ᠺᠠᠶᠢᠯᠦ ᠰᠢᠶᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠵᠢᠷᠢᠮ ᠠᠶᠢᠮᠠᠭ ᠤᠨ ᠠᠷᠠᠳ ᠤᠨ ᠵᠠᠰᠠᠭ ᠤᠨ ᠣᠷᠳᠣᠨ ᠳᠤ ᠬᠠᠷᠢᠶᠠᠯᠠᠭᠳᠠᠪᠠ᠃ | 1953 ᠣᠨ ᠤ 2 ᠰᠠᠷ᠎ᠠ ᠶᠢᠨ 3 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠠᠷᠠᠳ ᠤᠨ ᠵᠠᠰᠠᠭ ᠤᠨ ᠣᠷᠳᠣᠨ ᠺᠠᠶᠢᠯᠦ ᠰᠢᠶᠠᠨ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠡᠭᠦᠨ | ᠬᠡᠰᠡᠭ ᠭᠠᠵᠠᠷ ᠣᠷᠣᠨ ᠤ ᠵᠠᠰᠠᠭ ᠵᠠᠬᠢᠷᠭᠠᠨ ᠤ ᠵᠠᠬᠢᠷᠭ᠎ᠠ ᠳᠤ ᠬᠠᠷᠢᠶᠠᠯᠠᠭᠤᠯᠬᠤ ᠪᠠᠷ ᠲᠤᠬᠳᠠᠭᠠᠪᠠ᠃ | 1954 ᠣᠨ ᠤ 4 ᠰᠠᠷ᠎ᠠ ᠶᠢᠨ 20 ᠤ ᠡᠳᠦᠷ᠂ ᠵᠡᠭᠦᠨ ᠬᠡᠰᠡᠭ ᠭᠠᠵᠠᠷ ᠣᠷᠣᠨ ᠤ ᠵᠠᠰᠠᠭ ᠵᠠᠬᠢᠷᠭᠠᠨ ᠤ | ᠵᠠᠬᠢᠷᠭ᠎ᠠ ᠶᠢ ᠤᠰᠠᠳᠬᠠᠵᠦ᠂ ᠵᠢᠷᠢᠮ ᠠᠶᠢᠮᠠᠭ ᠤᠨ ᠠᠷᠠᠳ ᠤᠨ ᠵᠠᠰᠠᠭ ᠤᠨ ᠣᠷᠳᠣᠨ ︵ᠰᠡᠭᠦᠯᠡᠷ ᠨᠢ ᠵᠢᠷᠢᠮ | ᠠᠶᠢᠠᠮᠭ ᠤᠨ ᠵᠠᠬᠢᠷᠭ᠎ᠠ ᠭᠡᠵᠦ ᠪᠠᠶᠢᠭᠤᠯᠦᠮᠵᠢ ᠪᠠᠨ ᠦᠭᠡᠷᠡᠴᠢᠯᠪᠡ︶ ᠢ ᠰᠡᠷᠭᠦᠭᠡᠪᠡ᠃ ᠺᠠᠶᠢᠯᠦ ᠰᠢᠶᠠᠨ ᠵᠢᠷᠢᠮ | ᠠᠶᠢᠮᠠᠭ ᠤᠨ ᠠᠷᠠᠳ ᠤᠨ ᠵᠠᠰᠠᠭ ᠤᠨ ᠣᠷᠳᠣᠨ ᠳᠤ ᠬᠠᠷᠢᠶᠠᠯᠠᠭᠳᠠᠪᠠ᠃ | 1969 ᠣᠨ ᠤ 7 ᠰᠠᠷ᠎ᠠ ᠶᠢᠨ 1 ᠤ ᠡᠳᠦᠷ᠂ ᠵᠢᠷᠢᠮ ᠠᠶᠢᠮᠠᠭ ᠭᠢᠷᠢᠨ ᠮᠤᠵᠢ ᠳᠤ ᠬᠤᠪᠢᠶᠠᠬᠳᠠᠨ ᠤᠷᠤᠵᠦ᠂ | ᠺᠠᠶᠢᠯᠦ ᠰᠢᠶᠠᠨ ᠭᠢᠷᠢᠨ ᠮᠤᠵᠢ ᠶᠢᠨ ᠵᠢᠷᠢᠮ ᠠᠶᠢᠮᠠᠭ ᠤᠨ ᠵᠠᠰᠠᠭ ᠤᠨ ᠣᠷᠳᠣᠨ ᠳᠤ ᠬᠠᠷᠢᠶᠠᠯᠠᠭᠳᠠᠪᠠ᠃ | 1979 ᠣᠨ ᠤ 7 ᠰᠠᠷ᠎ᠠ ᠶᠢᠨ 1 ᠤ ᠡᠳᠦᠷ᠂ ᠵᠢᠷᠢᠮ ᠠᠶᠢᠮᠠᠭ ᠲᠠᠬᠢᠨ ᠦᠪᠦᠷ ᠮᠤᠩᠭᠤᠯ ᠤᠨ | ᠦᠪᠡᠷᠳᠡᠭᠡᠨ ᠵᠠᠰᠠᠬᠤ ᠣᠷᠣᠨ ᠳᠤ ᠬᠤᠪᠢᠶᠠᠨ ᠣᠷᠣᠭᠤᠯᠵᠦ᠂ ᠺᠠᠶᠢᠯᠦ ᠰᠢᠶᠠᠨ ᠪᠠᠰᠠ ᠲᠠᠭᠠᠯᠳᠦᠨ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠢᠷᠢᠮ ᠠᠶᠢᠮᠠᠭ ᠳᠤ ᠬᠠᠷᠢᠶᠠᠯᠠᠭᠳᠠᠪᠠ᠃ | 1999 ᠣᠨ ᠤ 2 ᠰᠠᠷ᠎ᠠ ᠳᠤ᠂ ᠵᠢᠷᠢᠮ ᠠᠶᠢᠮᠠᠭ ᠢ ᠤᠷᠤᠨ ᠤ ᠲᠡᠰ ᠤᠨ ᠲᠦᠩᠯᠢᠶᠣᠤ ᠬᠤᠳᠠ ᠪᠤᠯᠭᠠᠨ | ᠦᠭᠡᠷᠡᠴᠢᠯᠡᠨ ᠪᠠᠶᠢᠭᠤᠯᠵᠦ᠂ ᠺᠠᠶᠢᠯᠦ ᠰᠢᠶᠠᠨ ᠤᠷᠤᠨ ᠤ ᠲᠡᠰ ᠤᠨ ᠲᠦᠩᠯᠢᠶᠣᠤ ᠬᠤᠳᠠ ᠳᠤ ᠬᠠᠮᠢᠶᠠᠷᠤᠭᠳᠠᠪᠠ᠃ | | | 〖ᠡᠬᠢ ᠪᠠᠶᠠᠯᠢᠭ 〗 | | | ᠪᠠᠶᠢᠭᠠᠯᠢ ᠶᠢᠨ ᠡᠬᠢ ᠪᠠᠶᠠᠯᠢᠭ | ᠠᠭᠤᠷᠬᠠᠢ ᠶᠢᠨ ᠭᠠᠷᠤᠯᠲᠠ᠄ ᠺᠠᠶᠢᠯᠦ ᠶᠢᠨ ᠬᠤᠲᠣᠭᠤᠷ ᠭᠠᠵᠠᠷ ᠤᠨ ᠴᠢᠯᠠᠭᠤᠨ ᠲᠣᠰᠣᠨ ᠤ ᠬᠠᠳᠠᠭᠠᠯᠠᠭᠳᠠᠴᠠ | ᠡᠯᠪᠡᠭ ᠪᠠᠶᠠᠯᠢᠭ ᠪᠠᠶᠢᠵᠦ᠂ ᠬᠤᠲᠣᠭᠤᠷ ᠭᠠᠵᠠᠷ ᠤᠨ ᠲᠠᠯᠠᠪᠠᠶ 33200 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ | ᠡᠭᠦᠨ ᠳᠤ ᠯᠦ ᠵᠢᠶᠠ ᠫᠦ᠋ ᠶᠢᠨ ᠬᠤᠳᠤᠶᠢᠬᠰᠠᠨ ᠭᠠᠵᠠᠷ ᠢ ᠲᠦᠰᠦᠭᠡᠯᠡᠪᠡᠯ ᠶᠡᠷᠦᠩᠬᠡᠶ ᠨᠥᠭᠡᠴᠡ ᠶᠢᠨ ᠬᠡᠮᠵᠢᠶ᠎ᠡ 2.1 | ᠳ᠋ᠦᠩᠰᠢᠭᠤᠷ ᠲᠤᠨ ᠣᠷᠴᠢᠮ ᠪᠠᠶᠢᠳᠠᠭ᠃ ᠯᠢᠶᠣᠤ ᠾᠧ ᠴᠢᠯᠠᠭᠤᠨ ᠲᠤᠰᠤᠨ ᠤ ᠠᠭᠤᠷᠬᠠᠶ ᠶᠢ ᠨᠢᠭᠡᠨᠲᠡ ᠨᠡᠭᠡᠭᠡᠨ | ᠠᠰᠢᠬᠯᠠᠵᠦ᠂ ᠬᠠᠮᠤᠭ ᠥᠨᠳᠥᠷ ᠲᠡᠭᠡᠨ ᠵᠠᠭᠤᠨ ᠲᠦᠮᠡᠨ ᠲᠣᠨ ᠬᠦᠷᠳᠡᠭ᠃ ᠣᠶᠢᠷ᠎ᠠ ᠳᠤ ᠦᠷᠡᠨ ᠤ ᠠᠭᠤᠷᠬᠠᠶ ᠶᠢᠨ | ᠡᠬᠢ ᠪᠠᠶᠠᠯᠢᠭ ᠢ ᠢᠯᠡᠷᠡᠭᠦᠯᠦᠨ᠂ ᠣᠳᠣᠬᠠᠨ ᠤᠯᠠᠮ ᠨᠢᠭᠡ ᠠᠯᠬᠤᠮ ᠬᠠᠶᠢᠨ ᠰᠢᠨᠵᠢᠯᠡᠵᠦ ᠪᠤᠢ᠃ | | | ᠲᠠᠷᠢᠶᠠᠯᠠᠩ ᠮᠠᠯ ᠠᠵᠤ ᠠᠬᠤᠢ ᠶᠢᠨ ᠭᠠᠷᠤᠯᠳᠠ ᠶᠢᠨ ᠡᠬᠢ ᠪᠠᠶᠠᠯᠢᠭ | ᠲᠠᠷᠢᠶᠠᠯᠠᠩ ᠤᠨ ᠪᠦᠲᠦᠭᠡᠭᠳᠡᠬᠦᠨ᠄ ᠡᠷᠳᠡᠨᠢ ᠰᠢᠰᠢ ᠢᠶᠠᠷ ᠭᠤᠤᠯᠳᠠᠭᠤᠯᠵᠦ᠂ ᠰᠢᠰᠢ᠂ ᠪᠤᠭᠤᠲᠠᠢ᠂ | ᠲᠤᠲᠤᠷᠭ᠎ᠠ᠂ ᠤᠯᠠᠭᠠᠨ ᠯᠠᠵᠤᠤ᠂ ᠡᠯ᠎ᠡ ᠵᠦᠢᠯ ᠤᠨ ᠪᠤᠷᠴᠠᠭ ᠤᠨ ᠲᠥᠷᠥᠯ ᠢᠶᠠᠷ ᠬᠠᠪᠰᠤᠷᠤᠮᠵᠢ ᠪᠤᠯᠭᠠᠪᠠ᠃ ᠡᠷᠳᠡᠨᠢ | ᠰᠢᠰᠢ ᠶᠢᠨ ᠵᠢᠯ ᠤᠨ ᠤᠨᠠᠯᠳᠠ 110 ᠲᠦᠮᠡᠨ ᠲᠣᠨ ᠬᠦᠷᠴᠦ ᠪᠠᠶᠢᠨ᠎ᠠ᠃ ᠤᠶᠢᠢᠷ᠎ᠠ ᠶᠢᠨ ᠵᠢᠯ ᠳᠤ᠂ ᠪᠦᠬᠦ | ᠰᠢᠶᠠᠨ ᠤ ᠤᠯᠠᠭᠠᠨ ᠯᠠᠵᠤᠤ ᠶᠢᠨ ᠲᠠᠷᠢᠮᠠᠯ ᠤᠨ ᠲᠠᠯᠠᠪᠠᠢ ᠦᠨᠳᠦᠰᠦᠨ ᠳᠡᠭᠡᠨ 30 ᠲᠦᠮᠡᠨ ᠮᠥ ᠬᠦᠷᠴᠦ᠂ ᠤᠨᠠᠯᠳᠠ | ᠨᠢ 1 ᠳ᠋ᠦᠩᠰᠢᠭᠤᠷ ᠺᠢᠯᠣᠭ᠍ᠷᠠᠮ ᠠᠴᠠ ᠳᠡᠭᠡᠭᠰᠢ ᠪᠠᠶᠢᠨ᠎ᠠ᠃ | ᠮᠠᠯ ᠠᠵᠤ ᠠᠬᠤᠢ᠄ ᠪᠦᠬᠦ ᠰᠢᠶᠠᠨ ᠤ ᠭᠡᠷ ᠤᠨ ᠲᠡᠵᠢᠭᠡᠪᠦᠷᠢ ᠶᠢᠨ ᠶᠡᠷᠦᠩᠬᠡᠶ ᠲᠤᠭ᠎ᠠ 331 ᠲᠦᠮᠡᠨ ᠲᠤᠯᠤᠭᠠᠢ ᠳᠤ | ᠬᠦᠷᠴᠦ᠂ ᠡᠭᠦᠨ ᠳᠤ ᠦᠬᠡᠷ 17.1 ᠲᠦᠮᠡᠨ ᠲᠤᠯᠤᠭᠠᠢ᠂ ᠬᠤᠨᠢ 133.6 ᠲᠦᠮᠡᠨ ᠲᠤᠯᠤᠭᠠᠢ᠂ ᠭᠠᠭ᠋ᠠᠢ 98.2 | ᠲᠦᠮᠡ ᠳᠤ ᠬᠦᠷᠴᠦ ᠪᠠᠶᠢᠨ᠎ᠠ᠃ ᠺᠠᠶᠢᠯᠦ ᠰᠢᠶᠠᠨ ᠳᠤ ᠵᠡᠭᠦᠨ ᠬᠤᠶᠢᠲᠤ ᠣᠷᠣᠨ ᠤ ᠲᠤᠳᠤᠷ᠎ᠠ ᠬᠠᠮᠤᠭ ᠤᠨ ᠶᠡᠭᠡ | ᠠᠯᠠᠰᠢᠨ ᠦᠬᠡᠷ᠂ ᠠᠯᠠᠰᠢᠨ ᠬᠤᠨᠢᠨ ᠤ ᠠᠷᠠᠯᠵᠢᠶᠠᠨ ᠤ ᠵᠠᠬ᠎ᠠ ᠳᠡᠯᠭᠡᠭᠦᠷ 2 ᠪᠠᠶᠢᠵᠦ᠂ ᠠᠯᠠᠰᠢᠨ ᠦᠬᠡᠷ ᠤᠨ | ᠵᠢᠯ ᠳᠤ ᠠᠷᠠᠯᠵᠢᠶᠠᠯᠠᠬᠤ ᠲᠤᠭ᠎ᠠ 20 ᠲᠦᠮᠡᠨ ᠲᠤᠯᠤᠭᠠᠢ ᠠᠴᠠ ᠲᠡᠭᠡᠭᠰᠢ ᠪᠠᠶᠢᠵᠦ᠂ ᠠᠯᠠᠰᠢᠨ ᠬᠤᠨᠢᠨ ᠤ ᠵᠢᠯ ᠳᠤ | ᠠᠷᠠᠯᠵᠢᠶᠠᠯᠠᠬᠤ ᠲᠤᠭ᠎ᠠ 50 ᠲᠦᠮᠡᠨ ᠲᠤᠯᠤᠭᠠᠢ ᠠᠴᠠ ᠲᠡᠭᠡᠭᠰᠢ ᠪᠠᠶᠢᠳᠠᠭ᠃ | | ᠤᠰᠤ ᠪᠠ ᠤᠰᠤᠨ ᠭᠠᠷᠤᠯᠲᠠ ᠶᠢᠨ ᠡᠬᠢ ᠪᠠᠶᠠᠯᠢᠭ | ᠭᠠᠵᠠᠷ ᠳᠣᠣᠷᠠᠬᠢ ᠤᠰᠤ᠄ ᠬᠠᠳᠠᠭᠠᠯᠠᠭᠳᠠᠴᠠ ᠡᠯᠪᠡᠭ ᠪᠠᠶᠠᠯᠢᠭ ᠪᠠᠶᠢᠵᠤ᠂ ᠣᠰᠣᠨ ᠤ ᠴᠢᠨᠠᠷ ᠰᠠᠶᠢᠨ᠂ | ᠭᠠᠵᠠᠷ ᠳᠣᠣᠷᠠᠬᠢ ᠤᠰᠤᠨ ᠤ ᠲᠦᠪᠰᠢᠨ 2 – 2.5 ᠮᠧᠲᠷ᠂ ᠣᠰᠤᠨ ᠳᠠᠪᠬᠤᠷᠭ᠎ᠠ 90–100 ᠮᠧᠲᠷ᠂ | ᠴᠡᠪᠡᠷ ᠬᠠᠳᠠᠭᠠᠯᠠᠭᠳᠠᠴᠠ 1.269 ᠲᠣᠨ ᠪᠣᠯᠤᠨ᠎ᠠ᠃ | ᠭᠠᠵᠠᠷ ᠳᠡᠭᠡᠷᠡᠬᠢ ᠤᠰᠤ᠄ ᠲᠠᠶᠢᠭ᠎ᠠ ᠶᠢᠨ ᠭᠤᠣᠯ᠂ ᠪᠠᠷᠠᠭᠤᠨ ᠯᠢᠶᠣᠤ ᠾᠧ ᠭᠤᠣᠯ᠂ ᠰᠢᠷᠠᠮᠥ᠋ᠷᠡᠨ ᠭᠤᠣᠯ᠂ | ᠥᠯᠵᠡᠶᠢᠮᠥ᠋ᠷᠡᠨ ᠭᠤᠣᠯ᠂ ᠨᠠᠷᠢᠳ ᠤᠨ ᠭᠤᠣᠯ ᠵᠡᠷᠭᠡ ᠲᠠᠪᠣᠨ ᠭᠤᠣᠯ ᠺᠠᠶᠢᠯᠦ ᠰᠢᠶᠠᠨ ᠢᠶᠠᠷ ᠣᠷᠣᠰᠣᠨ ᠦᠩᠭᠡᠷᠡᠵᠦ | ᠂ ᠬᠢᠯᠢ ᠲᠤᠳᠤᠷᠠᠬᠢ ᠭᠤᠣᠯ ᠤᠨ ᠤᠷᠤᠰᠬᠠᠯ ᠤᠨ ᠶᠡᠷᠦᠩᠭᠡᠢ ᠣᠷᠳᠣ 318 ᠺᠢᠯᠣᠮᠧᠲᠷ ᠪᠣᠯᠤᠨ᠎ᠠ᠃ ᠲᠠᠷᠭᠤᠨ | ᠣᠰᠣᠨ ᠴᠦᠬᠦᠷᠦᠮ ᠪᠣᠯ ᠤᠯᠤᠰ ᠤᠨ ᠲᠤᠮᠤ ᠬᠠᠵᠠᠭᠤ ᠶᠢᠨ ᠬᠡᠯᠪᠡᠷᠢ ᠶᠢᠨ ᠲᠠᠯ᠎ᠠ ᠭᠠᠵᠠᠷ ᠡᠯᠡᠰᠦᠨ ᠴᠦᠯ ᠤᠨ | ᠣᠰᠣᠨ ᠴᠦᠭᠦᠷᠦᠮ ᠪᠠᠶᠢᠵᠦ᠂ ᠬᠠᠮᠤᠭ ᠶᠡᠭᠡ ᠪᠠᠭᠲᠠᠭᠠᠮᠵᠢ ᠳᠤ ᠪᠠᠨ 1.34 ᠳ᠋ᠦᠩᠰᠢᠭᠤᠷ ᠪᠣᠰᠤᠭ᠎ᠠ ᠳᠥᠷᠪᠡᠯᠵᠢᠨ | ᠮᠧᠲᠷ᠃ ᠪᠦᠬᠦ ᠰᠢᠶᠠᠨ ᠤ ᠵᠢᠯ ᠤᠨ ᠴᠡᠩᠬᠡᠭ ᠣᠰᠣᠨ ᠤ ᠵᠢᠭᠠᠰᠦᠨ ᠤ ᠭᠠᠷᠤᠯᠳᠠ ᠳᠤᠮᠳᠠᠴᠢ ᠪᠠᠷ 600 ᠲᠣᠨ | ᠬᠦᠷᠴᠦ ᠪᠠᠶᠢᠨ᠎ᠠ᠃ |