ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠤᠨ ᠲᠤᠬᠠᠢ
ᠨᠡᠶᠢᠲᠡᠯᠡᠭᠰᠡᠨ ᠴᠠᠭ᠄
2018/4/29
ᠰᠤᠷᠪᠤᠯᠵᠢᠯᠠᠭ᠎ᠠ ᠶᠢᠨ ᠨᠡᠷ᠎ᠡ᠄ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠤᠨ ᠲᠤᠬᠠᠢᠰᠤᠷᠪᠤᠯᠵᠢᠯᠠᠭᠰᠠᠨ ᠴᠠᠭ᠄ 2018–4–28 10᠄ 25ᠰᠤᠷᠪᠤᠯᠵᠢᠯᠠᠭᠰᠠᠨ ᠵᠣᠴᠢᠨ᠄ ᠺᠠᠶᠢᠯᠦ ᠰᠢᠶᠠᠨ ᠤ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠲᠥᠪ ᠤᠨ ᠳᠡᠳ᠋ ᠡᠷᠬᠢᠯᠡᠭᠴᠢ ᠴᠢ ᠭᠦᠸᠧᠭᠤᠣᠯ ᠠᠭᠤᠯᠭ᠎ᠠ᠄ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠢ ᠢᠳᠡᠪᠬᠢᠲᠡᠶ ᠦᠷᠨᠢᠭᠦᠯᠵᠦ᠂ ᠦᠢᠯᠡᠴᠢᠯᠡᠭᠡᠨ ᠤ ᠬᠡᠯᠪᠡᠷᠢ ᠶᠢᠨ ᠵᠠᠰᠠᠭ ᠤᠨ ᠣᠷᠳᠣᠨ ᠤ ᠪᠦᠲᠦᠭᠡᠨ ᠪᠠᠶᠢᠭᠤᠯᠤᠯᠲᠠ ᠶᠢ ᠢᠳᠡᠪᠬᠢᠲᠡᠶ ᠲᠦᠯᠬᠢᠨ ᠠᠬᠢᠭᠤᠯᠬᠤ ᠶᠢᠨ ᠲᠥᠯᠦᠭᠡ᠂ ᠺᠠᠶᠢᠯᠦ ᠰᠢᠶᠠᠨ ᠤ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠲᠤᠷᠰᠢᠯᠳᠠ ᠶᠢᠨ ᠴᠡᠭ ᠤᠨ ᠠᠵᠢᠯ ᠢ ᠤᠳᠣ ᠶᠠᠭ ᠰᠠᠶᠢᠬᠠᠨ ᠦᠷᠨᠢᠭᠦᠯᠵᠦ ᠪᠠᠶᠢᠨ᠎ᠠ᠃ ᠲᠤᠰ ᠬᠤᠭᠤᠴᠠᠭᠠᠨ ᠤ ᠰᠦᠯᠵᠢᠶᠡᠨ ᠰᠤᠷᠪᠤᠯᠵᠢᠯᠠᠭ᠎ᠠ ᠳᠤ ︽ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ︾ ᠤᠨ ᠬᠤᠯᠪᠤᠬᠳᠠᠯ ᠪᠦᠬᠦᠢ ᠶᠠᠷᠢᠶᠠᠨ ᠤ ᠰᠡᠳᠦᠪ ᠵᠢᠴᠢ ᠡᠭᠦᠨ ᠤ ᠲᠤᠭᠤᠷᠢᠨ ᠳᠤ ᠰᠦᠯᠵᠢᠶᠡᠨ ᠤ ᠨᠠᠶᠢᠵᠠ ᠨᠠᠷ ᠲᠠᠢ ᠰᠠᠨᠠᠯ ᠢᠶᠠᠨ ᠰᠤᠯᠢᠯᠴᠠᠬᠤ ᠪᠤᠯᠤᠨ᠎ᠠ᠃
﹇ᠬᠥᠲᠥᠯᠥᠭᠴᠢ﹈ ᠰᠦᠯᠵᠢᠶᠡᠨ ᠤ ᠨᠠᠶᠢᠵᠠ ᠨᠠᠷ ᠲᠠ ᠪᠦᠬᠦᠨ ᠰᠠᠶᠢᠨ ᠪᠠᠶᠢᠵᠠᠭᠠᠨ᠎ᠠ ᠤᠤ︕ ᠺᠠᠶᠢᠯᠦ ᠰᠢᠶᠠᠨ ᠤ ᠠᠷᠠᠳ ᠤᠨ ᠵᠠᠰᠠᠭ ᠤᠨ ᠣᠷᠳᠣᠨ ᠤ ᠢᠯᠡ ᠪᠤᠯᠭᠠᠬᠤ ᠰᠦᠯᠵᠢᠶᠡᠨ ᠤ ︽ᠰᠦᠯᠵᠢᠶᠡᠨ ᠰᠤᠷᠪᠤᠯᠵᠢᠯᠠᠭ᠎ᠠ︾ ᠶᠢ ᠭᠥᠯᠢᠶᠡᠨ ᠠᠪᠴᠤ ᠦᠵᠡᠬᠦ ᠶᠢ ᠪᠠᠶᠠᠷᠯᠠᠨ ᠤᠭᠲᠤᠵᠤ ᠪᠠᠶᠢᠨ᠎ᠠ᠃ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠢ ᠢᠳᠡᠪᠬᠢᠲᠡᠶ ᠦᠷᠨᠢᠭᠦᠯᠵᠦ᠂ ᠦᠢᠯᠡᠴᠢᠯᠡᠭᠡᠨ ᠤ ᠬᠡᠯᠪᠡᠷᠢ ᠶᠢᠨ ᠵᠠᠰᠠᠭ ᠤᠨ ᠣᠷᠳᠣᠨ ᠤ ᠪᠦᠲᠦᠭᠡᠨ ᠪᠠᠶᠢᠭᠤᠯᠤᠯᠲᠠ ᠶᠢ ᠢᠳᠡᠪᠬᠢᠲᠡᠶ ᠲᠦᠯᠬᠢᠨ ᠠᠬᠢᠭᠤᠯᠬᠤ ᠶᠢᠨ ᠲᠥᠯᠦᠭᠡ᠂ ᠺᠠᠶᠢᠯᠦ ᠰᠢᠶᠠᠨ ᠤ ᠵᠠᠰᠠᠭ ᠤᠨ ᠶᠠᠪᠤᠳᠠᠯ ᠤᠨ ᠠᠵᠢᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠲᠤᠷᠰᠢᠯᠳᠠ ᠶᠢᠨ ᠴᠡᠭ ᠤᠨ ᠠᠵᠢᠯ ᠢ ᠤᠳᠣ ᠶᠠᠭ ᠰᠠᠶᠢᠬᠠᠨ ᠦᠷᠨᠢᠭᠦᠯᠵᠦ ᠪᠠᠶᠢᠨ᠎ᠠ᠃ ᠦᠨᠦᠳᠦᠷ ᠪᠢᠳᠡ ᠺᠠᠶᠢᠯᠦ ᠰᠢᠶᠠᠨ ᠤ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠲᠥᠪ ᠤᠨ ᠳᠡᠳ᠋ ᠡᠷᠬᠢᠯᠡᠭᠴᠢ ᠴᠢ ᠭᠦᠸᠧ ᠶᠢ ᠠᠵᠠ ᠪᠠᠷ ᠨᠡᠪᠲᠡᠷᠡᠭᠦᠯᠭᠡ ᠶᠢᠨ ᠦᠷᠦᠭᠡᠨ ᠳᠤ ᠪᠠᠨ ᠤᠷᠢᠨ ᠵᠠᠯᠠᠵᠦ ᠰᠦᠯᠵᠢᠶᠡᠨ ᠤ ᠨᠠᠶᠢᠵᠠ ᠲᠠ ᠨᠠᠷ ᠲᠠᠢ ᠪᠠᠨ ︽ᠵᠠᠰᠠᠭ ᠤᠨ ᠶᠠᠪᠤᠳᠠᠯ ᠤᠨ ᠠᠵᠢᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ︾ ᠬᠤᠯᠪᠤᠬᠳᠠᠯ ᠪᠦᠬᠦᠢ ᠶᠠᠷᠢᠶᠠᠨ ᠤ ᠰᠡᠳᠦᠪ ᠤᠨ ᠲᠤᠭᠤᠷᠢᠨ ᠳᠤ ᠶᠠᠷᠢᠯᠴᠠᠭᠠᠨ ᠦᠷᠨᠢᠭᠦᠯᠦᠨ᠎ᠡ᠃ ᠲᠠᠨ ᠢ ᠪᠠᠶᠠᠷᠯᠠᠨ ᠤᠬᠳᠤᠵᠦ ᠪᠠᠶᠢᠨ᠎ᠠ᠃ ﹇ᠴᠢ ᠡᠷᠬᠢᠯᠡᠭᠴᠢ﹈ ᠬᠥᠲᠥᠯᠥᠭᠴᠢ ᠰᠠᠶᠢᠨ ᠤᠤ︕ ᠰᠦᠯᠵᠢᠶᠡᠨ ᠤ ᠨᠠᠶᠢᠵᠠ ᠨᠠᠷ ᠰᠠᠶᠢᠨ ᠪᠠᠶᠢᠵᠠᠭᠠᠨ᠎ᠠᠤᠤ︕ ﹇ᠬᠥᠲᠥᠯᠥᠭᠴᠢ﹈ ᠴᠢ ᠡᠷᠬᠢᠯᠡᠭᠴᠢ᠂ ᠲᠠ ᠵᠠᠰᠠᠭ ᠤᠨ ᠶᠠᠪᠤᠳᠠᠯ ᠢ ᠢᠯᠡ ᠪᠣᠯᠭᠠᠬᠤ ᠠᠵᠢᠯ ᠢ ᠭᠤᠣᠯᠯᠠᠨ ᠠᠳᠬᠤᠵᠦ ᠪᠠᠶᠢᠭ᠎ᠠ ᠤᠳᠤᠷᠢᠳᠤᠯᠭ᠎ᠠ ᠪᠣᠯᠤᠭᠰᠠᠨ ᠤ ᠬᠤᠪᠢ ᠳᠤ᠂ ᠰᠦᠯᠵᠢᠶᠡᠨ ᠤ ᠨᠠᠶᠢᠵᠠ ᠨᠠᠷ ᠤᠨ ᠠᠩᠬᠠᠷᠴᠤ ᠪᠠᠶᠢᠭ᠎ᠠ ᠬᠠᠯᠠᠭᠤᠷᠠᠯ ᠤᠨ ᠠᠰᠠᠭᠤᠳᠠᠯ ᠤᠨ ᠲᠤᠬᠠᠶ ᠲᠠᠶᠢᠯᠪᠤᠷᠢᠯᠠᠯᠳᠠ ᠬᠢᠵᠦ ᠦᠭᠭᠦᠨ᠎ᠡ ᠤᠤ︕﹇ᠴᠢ ᠡᠷᠬᠢᠯᠡᠭᠴᠢ﹈ ᠶᠠᠷᠢᠶᠠᠨ ᠦᠭᠡᠢ ᠪᠤᠯᠤᠨ᠎ᠠ᠂ ᠪᠢ ᠥᠷᠭᠡᠨ ᠣᠯᠠᠨ ᠰᠦᠯᠵᠢᠶᠡᠨ ᠤ ᠨᠠᠶᠢᠵᠠ ᠨᠠᠷ  ᠲᠠᠭᠠᠨ ᠵᠠᠰᠠᠭ ᠤᠨ ᠶᠠᠪᠤᠳᠠᠯ ᠢ ᠢᠯᠡ ᠪᠣᠯᠭᠠᠬᠤ ᠲᠠᠯ᠎ᠠ ᠤᠨ ᠠᠰᠠᠭᠤᠳᠠᠯ ᠳᠤ ᠮᠠᠰᠢ ᠳᠤᠷᠠᠲᠠᠶ ᠲᠠᠶᠢᠯᠪᠤᠷᠢᠯᠠᠯᠳᠠ ᠬᠢᠵᠦ ᠦᠭᠴᠦ ᠪᠤᠯᠤᠨ᠎ᠠ᠃ ﹇ᠬᠥᠲᠥᠯᠥᠭᠴᠢ﹈ ᠠᠳᠡ ᠪᠢ ᠥᠷᠭᠡᠨ ᠣᠯᠠᠨ ᠰᠦᠯᠵᠢᠶᠡᠨ ᠨᠠᠶᠢᠵᠠ ᠨᠠᠷ ᠪᠠᠨ ᠲᠦᠯᠦᠭᠡᠯᠡᠨ ᠲᠠᠨ ᠳᠤ ᠪᠠᠶᠠᠷᠯᠠᠵᠦ ᠪᠠᠶᠢᠨ᠎ᠠ᠃ ᠶᠠᠭᠤᠨ ᠤ ᠡᠮᠦᠨ᠎ᠡ᠂ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠲᠤᠷᠰᠢᠯᠳᠠ ᠶᠢᠨ ᠴᠡᠭ ᠤᠨ ᠪᠠᠶᠢᠭᠤᠯᠭ᠎ᠠ ᠨᠢᠭᠡᠴᠢ ᠠᠷᠪᠢᠨ ᠪᠠᠶᠢᠨ᠎ᠠ᠂ ᠲᠡᠭᠡᠪᠡᠯ ᠮᠠᠨ ᠤ ᠰᠢᠶᠠᠨ ᠤ ᠲᠤᠷᠰᠢᠯᠲᠠ ᠤᠨ ᠴᠡᠭ ᠤᠨ ᠡᠭᠦᠷᠭᠡᠯᠡᠵᠦ ᠪᠠᠶᠢᠬᠤ ᠡᠭᠦᠷᠭᠡ ᠤᠳ ᠶᠠᠭᠤ ᠪᠠᠶᠢᠨ᠎ᠠ︖ ᠠᠯᠢ ᠠᠯᠢ ᠬᠦᠷᠢᠶ᠎ᠡ ᠬᠡᠪᠴᠢᠶ᠎ᠡ ᠳᠤ ᠬᠤᠯᠪᠣᠭᠳᠠᠭᠰᠠᠨ ᠪᠠᠶᠢᠨ᠎ᠠ ᠪᠤᠢ︖ ﹇ᠴᠢ ᠡᠷᠬᠢᠯᠡᠭᠴᠢ﹈ 2017 ᠣᠨ ᠤ 5 ᠰᠠᠷ᠎ᠠ ᠶᠢᠨ 9 ᠤ ᠡᠳᠦᠷ᠂ ᠮᠠᠨ ᠤ ᠰᠢᠶᠠᠨ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠲᠤᠷᠰᠢᠯᠳᠠ ᠶᠢᠨ ᠴᠡᠭ ᠤᠨ ᠪᠠᠶᠢᠭᠤᠯᠭ᠎ᠠ ᠨᠢᠭᠡᠴᠢ ᠭᠡᠵᠦ ᠪᠦᠬᠦ ᠤᠯᠤᠰ ᠤᠨ 100 ᠳ᠋ᠦ᠋ᠭᠡᠷ ᠰᠢᠶᠠᠨ ᠪᠤᠯᠵᠦ ᠲᠣᠭᠳᠠᠭᠠᠭᠳᠠᠭᠰᠠᠨ ᠪᠠᠶᠢᠨ᠎ᠠ᠃ ᠬᠤᠳᠠ ᠬᠥᠳᠡᠭᠡ  ᠶᠢᠨ ᠲᠥᠯᠥᠪᠵᠢᠭᠦᠯᠭᠡ᠂ ᠴᠢᠬᠤᠯᠠ ᠶᠡᠭᠡ ᠪᠦᠳᠤᠭᠡᠨ ᠪᠠᠶᠢᠭᠤᠯᠤᠯᠲᠠ ᠶᠢᠨ ᠲᠦᠰᠦᠯ ᠵᠤᠶᠢᠯ᠂ ᠡᠳ᠋ ᠤᠨ ᠵᠠᠰᠠᠭ ᠤᠨ ᠲᠥᠰᠦᠪ ᠪᠠ ᠲᠥᠰᠦᠪ ᠤᠨ ᠭᠦᠢᠴᠡᠳᠬᠡᠯ᠂ ᠠᠶᠤᠯᠭᠦᠶ ᠤᠶᠢᠯᠡᠳᠪᠤᠷᠢᠯᠡᠯ᠂ ᠭᠠᠶᠢᠯᠢ ᠲᠠᠲᠠᠪᠤᠷᠢ ᠶᠢᠨ ᠬᠠᠮᠢᠶᠠᠷᠤᠯᠲᠠ᠂ ᠣᠷᠴᠢᠨ ᠲᠤᠭᠤᠷᠢᠨ ᠤ ᠬᠠᠮᠠᠭᠠᠯᠠᠯᠲᠠ᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡ᠂ ᠣᠯᠠᠨ ᠨᠡᠶᠢᠲᠡ ᠶᠢᠨ ᠬᠠᠤᠯᠢ ᠴᠠᠭᠠᠵᠠ ᠶᠢᠨ ᠦᠢᠯᠡᠴᠢᠯᠡᠭᠡ᠂ ᠢᠳᠡᠭᠡᠨ ᠤ ᠵᠦᠢᠯ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠵᠡᠷᠭᠡ ᠶᠢᠰᠦᠨ ᠶᠡᠭᠡ ᠬᠦᠷᠢᠶ᠎ᠡ ᠬᠡᠪᠴᠢᠶᠡᠨ ᠳᠤ ᠲᠤᠷᠰᠢᠯᠲᠠ ᠶᠢᠨ ᠠᠵᠢᠯ ᠢᠶᠠᠨ ᠥᠷᠨᠢᠭᠦᠯᠬᠦ ᠪᠣᠯᠤᠨ᠎ᠠ᠃ ﹇ᠬᠥᠲᠥᠯᠥᠭᠴᠢ﹈ 100 ᠳ᠋ᠦ᠋ᠭᠡᠷ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠰᠢᠶᠠᠨ ᠤ ᠲᠤᠷᠰᠢᠯᠳᠠ ᠶᠢᠨ ᠴᠡᠭ ᠤᠨ ᠨᠢᠭᠡ ᠪᠤᠯᠤᠬᠰᠠᠨ ᠨᠢ ᠮᠠᠨ ᠤ ᠣᠮᠣᠭᠰᠢᠨ ᠵᠤᠷᠢᠬᠵᠢᠬᠤ ᠶᠠᠪᠤᠳᠠᠯ ᠪᠤᠯᠤᠨ᠎ᠠ᠂ ᠲᠡᠭᠡᠪᠡᠯ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠭᠡᠵᠦ ᠶᠠᠭᠤ ᠪᠤᠢ︖ ﹇ᠴᠢ ᠡᠷᠬᠢᠯᠡᠭᠴᠢ﹈ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠪᠣᠯ ᠡᠷᠬᠡ  ᠶᠢᠨ ᠠᠵᠢᠯᠯᠠᠭᠠᠨ ᠤ ᠪᠦᠬᠦ ᠶᠠᠪᠤᠴᠠ᠂ ᠵᠠᠰᠠᠭ ᠤᠨ ᠶᠠᠪᠤᠳᠠᠯ ᠤᠨ ᠤᠶᠢᠯᠡᠴᠢᠯᠡᠭᠡᠨ ᠤ ᠪᠦᠬᠦ ᠶᠠᠪᠤᠴᠠ ᠶᠢᠨ ᠲᠤᠭᠤᠷᠢᠨ ᠳᠤ᠂ ᠢᠯᠡ ᠨᠡᠶᠢᠲᠡᠯᠡᠬᠦ ᠵᠦᠢᠯᠡᠰ᠂ ᠢᠯᠡ ᠪᠣᠯᠭᠠᠬᠤ ᠶᠠᠪᠤᠴᠠ ᠪᠠᠨ ᠡᠮᠬᠢᠯᠡᠬᠦ ᠪᠠᠷ ᠲᠠᠮᠵᠢᠨ ᠢᠯᠡ ᠪᠣᠯᠭᠠᠬᠤ ᠪᠠᠷᠢᠮᠵᠢᠶ᠎ᠠ ᠪᠠᠨ ᠨᠠᠶᠢᠷᠠᠭᠤᠯᠤᠨ ᠵᠤᠬᠢᠶᠠᠬᠤ᠂ ᠨᠡᠶᠢᠳᠡᠯᠡᠬᠦ ᠪᠠ ᠬᠡᠷᠡᠭᠵᠢᠭᠦᠯᠦᠨ᠎ᠡ᠃ ᠢᠯᠡ ᠪᠣᠯᠭᠠᠬᠤ ᠵᠠᠷᠴᠢᠮ᠂ ᠢᠯᠡ ᠪᠣᠯᠭᠠᠬᠤ ᠬᠡᠯᠪᠡᠷᠢ ᠪᠠ ᠢᠯᠡ ᠪᠣᠯᠭᠠᠬᠤ ᠭᠤᠣᠯ ᠴᠣᠭᠴᠠ ᠵᠡᠷᠭᠡ ᠠᠭᠤᠯᠭ᠎ᠠ ᠶᠢ ᠨᠢᠭᠡᠳᠦᠯᠳᠡᠢ ᠪᠤᠯᠠᠭᠠᠨ ᠵᠠᠰᠠᠭ ᠵᠠᠬᠢᠷᠭᠠᠨ ᠤ ᠴᠢᠳᠠᠮᠵᠢ ᠶᠢ ᠳᠡᠭᠡᠭᠰᠢᠯᠡᠭᠦᠯᠵᠦ᠂ ᠬᠠᠤᠯᠢ ᠪᠠᠷ ᠵᠠᠰᠠᠬᠤ ᠵᠠᠰᠠᠭ  ᠤᠨ ᠣᠷᠳᠣᠨ᠂ ᠦᠢᠯᠡᠴᠢᠯᠡᠭᠡᠨ ᠤ ᠮᠠᠶ᠋ᠢᠭ ᠤᠨ ᠵᠠᠰᠠᠭ ᠤᠨ ᠣᠷᠳᠣᠨ ᠤ ᠪᠦᠳᠦᠭᠡᠨ ᠪᠠᠶᠢᠭᠤᠯᠤᠯᠲᠠ ᠶᠢ ᠲᠦᠷᠭᠡᠳᠬᠡᠨ᠂ ᠡᠷᠬᠡ ᠶᠢ ᠵᠢᠷᠤᠮᠵᠢᠭᠤᠯᠤᠨ ᠬᠡᠷᠡᠭᠯᠡᠬᠦ᠂ ᠡᠷᠬᠡ ᠶᠢ ᠲᠤᠳᠤ ᠬᠡᠷᠡᠭᠯᠡᠬᠦ ᠶᠢ ᠪᠡᠶᠡᠯᠡᠬᠦᠯᠵᠦ᠂ ᠠᠷᠠᠳ ᠣᠯᠠᠨ ᠤ ᠪᠠᠶᠢᠳᠠᠯ ᠢ ᠮᠡᠳᠡᠬᠦ ᠡᠷᠬᠡ ᠶᠢ ᠪᠠᠳᠤᠯᠠᠵᠦ᠂ ᠣᠯᠠᠨ ᠲᠦᠮᠡᠨ ᠤ ᠮᠡᠳᠡᠵᠦ ᠤᠯᠤᠬᠰᠠᠨ ᠲᠦᠷᠦᠭᠳᠡᠯ ᠢ ᠲᠡᠭᠡᠭᠰᠢᠯᠡᠭᠦᠯᠬᠦ ᠪᠤᠯᠤᠨ᠎ᠠ᠃﹇ᠬᠥᠲᠥᠯᠥᠭᠴᠢ﹈ ᠵᠠᠰᠠᠭ ᠵᠠᠬᠢᠷᠭᠠᠨ ᠤ ᠡᠷᠬᠡ ᠶᠢᠨ ᠠᠵᠢᠯᠯᠠᠭᠠᠨ ᠢ ᠵᠢᠷᠤᠮᠵᠢᠭᠤᠯᠤᠬᠰᠠᠨ ᠨᠢ ᠦᠷᠭᠡᠨ ᠤᠯᠠᠨ ᠠᠷᠠᠳ ᠲᠦᠮᠡᠨ ᠤ ᠣᠴᠢᠷ ᠶᠠᠪᠤᠳᠠᠯ ᠰᠢᠢᠳᠪᠤᠷᠢᠯᠡᠬᠦ ᠳᠤ ᠲᠤᠰᠠ ᠪᠤᠯᠤᠬᠰᠠᠨ ᠪᠠᠶᠢᠨ᠎ᠠ᠃ ᠲᠡᠭᠡᠪᠡᠯ ᠵᠠᠰᠠᠭ ᠤᠨ ᠶᠠᠪᠤᠳᠠᠯ ᠢ ᠢᠯᠡ ᠪᠣᠯᠭᠠᠬᠤ ᠨᠢ ᠥᠷᠭᠡᠨ ᠤᠯᠡᠠ ᠠᠷᠠᠳ ᠲᠦᠮᠡᠨ ᠤ ᠠᠮᠢᠳᠤᠷᠠᠯ ᠳᠤ ᠶᠠᠮᠠᠷ ᠨᠥᠯᠥᠭᠡ ᠦᠵᠡᠭᠦᠯᠬᠦ ᠪᠤᠶ︖﹇ᠴᠢ ᠡᠷᠬᠢᠯᠡᠭᠴᠢ﹈ ᠢᠯᠡ ᠲᠤᠳᠤ ᠪᠠᠶᠢᠬᠤ ᠪᠣᠯ ᠬᠠᠤᠯᠢ ᠪᠠᠷ ᠵᠠᠰᠠᠬᠤ ᠵᠠᠰᠠᠭ ᠤᠨ ᠣᠷᠳᠣᠨ ᠤ ᠦᠨᠳᠦᠰᠦᠨ ᠣᠨᠴᠠᠯᠢᠭ ᠰᠢᠨᠵᠢ ᠮᠥᠨ᠃ ᠢᠯᠡ ᠲᠣᠳᠣ ᠪᠠᠶᠢᠬᠤ ᠨᠢ ᠣᠯᠠᠨ ᠨᠡᠶᠢᠲᠡ ᠶᠢᠨ ᠪᠠᠶᠢᠳᠠᠯ ᠢ ᠮᠡᠳᠡᠬᠦ ᠡᠷᠬᠡ᠂ ᠣᠷᠣᠯᠴᠠᠬᠤ ᠡᠷᠬᠡ᠂ ᠢᠯᠡᠳᠬᠡᠬᠦ ᠡᠷᠬᠡ᠂ ᠬᠢᠨᠠᠯᠲᠠ ᠲᠠᠯᠪᠢᠬᠤ ᠡᠷᠬᠡ ᠶᠢ ᠪᠠᠲᠤᠯᠠᠬᠤ  ᠪᠤᠯᠤᠨ᠎ᠠ᠃ ᠵᠠᠰᠠᠭ ᠤᠨ ᠶᠠᠪᠤᠳᠠᠯ ᠢ ᠢᠯᠡ ᠪᠣᠯᠭᠠᠬᠤ ᠠᠵᠢᠯ ᠢ ᠰᠠᠶᠢᠲᠤᠷ ᠬᠢᠬᠦ ᠨᠢ ᠣᠯᠠᠨ ᠲᠦᠮᠡᠨ ᠤ ᠣᠯᠵᠤ ᠦᠵᠡᠵᠦ ᠳᠡᠶᠢᠯᠬᠦ᠂ ᠰᠣᠨᠣᠰᠴᠤ ᠤᠶᠢᠯᠠᠭᠠᠵᠦ ᠳᠡᠶᠢᠯᠬᠦ᠂ ᠬᠢᠨᠠᠯᠲᠠ ᠲᠠᠯᠪᠢᠵᠦ ᠲᠡᠶᠢᠯᠬᠦ ᠬᠡᠮᠵᠢᠶᠡᠨ  ᠳᠤ ᠬᠦᠷᠭᠡᠵᠦ᠂ ᠠᠯᠢᠪᠠ ᠡᠷᠬᠡ ᠪᠠᠨ ᠦᠢᠯᠡᠳᠦᠯᠭᠡᠵᠢᠭᠦᠯᠵᠦ ᠠᠷᠠᠳ ᠲᠦᠮᠡᠨ ᠳᠤ ᠬᠠᠷᠢᠶᠠᠯᠠᠭᠳᠠᠬᠤ ᠦᠨᠳᠦᠰᠦᠨ ᠬᠠᠤᠯᠢ ᠶᠢᠨ ᠵᠠᠷᠴᠢᠮ ᠢ ᠪᠠᠷᠢᠮᠲᠠᠯᠠᠬᠤ ᠪᠤᠯᠤᠨ᠎ᠠ᠃ ᠣᠯᠠᠨ ᠲᠦᠮᠡᠨ ᠤ ᠦᠢᠯᠡᠳᠪᠦᠷᠢᠯᠡᠯ᠂ ᠠᠮᠢᠳᠤᠷᠠᠯ ᠳᠤᠮᠳᠠ ᠡᠶᠢᠮᠦ ᠲᠡᠶᠢᠮᠦ ᠠᠵᠢᠯᠯᠠᠬᠤ ᠬᠡᠷᠡᠭᠴᠡᠭᠡ ᠶᠡᠷᠦᠨᠢ ᠲᠤᠬᠢᠶᠠᠯᠳᠤᠳᠠᠭ᠂ ᠡᠶᠢᠮᠦ ᠠᠴᠠ ᠺᠠᠶᠢᠯᠦ ᠰᠢᠶᠠᠨ ᠤ ᠵᠠᠰᠠᠭ ᠤᠨ ᠶᠠᠪᠤᠳᠠᠯ ᠢ ᠢᠯᠡ ᠪᠣᠯᠭᠠᠬᠤ ᠠᠵᠢᠯ ᠢ ᠳᠥᠯᠭᠢᠨ ᠠᠬᠢᠭᠤᠯᠵᠦ᠂ ᠠᠷᠠᠳ ᠢᠷᠭᠡᠳ ᠤᠨ ᠬᠠᠷᠠᠭᠠᠰᠤ ᠠᠴᠠ ᠠᠷᠠᠳ ᠲᠦᠮᠡᠨ ᠢᠶᠠᠷ ᠭᠤᠣᠯ ᠪᠣᠯᠭᠠᠵᠤ᠂ ᠤᠯᠠᠨ ᠲᠦᠮᠡᠨ ᠤ ᠬᠠᠮᠤᠭ ᠤᠨ ᠰᠡᠳᠬᠢᠯ ᠲᠠᠯᠪᠢᠵᠤ ᠪᠠᠶᠢᠭ᠎ᠠ ᠶᠠᠪᠤᠳᠠᠯ ᠢ ᠢᠯᠡ ᠪᠤᠯᠠᠭᠠᠨ ᠲᠤᠪᠤᠶᠢᠯᠭᠠᠵᠦ᠂ ᠤᠯᠠᠨ ᠲᠦᠮᠡᠨ ᠢ ᠳᠤᠲᠠᠭᠤ ᠭᠦᠶᠦᠯᠭᠡᠨ᠂ ᠠᠵᠢᠯ ᠶᠠᠪᠤᠳᠠᠯ ᠪᠠᠨ ᠰᠢᠶᠳᠪᠦᠷᠢᠯᠡᠬᠦ ᠳᠤ ᠨᠠᠩ ᠳᠥᠭᠦᠮ ᠲᠦᠲᠡ ᠪᠤᠯᠭᠠᠬᠤ ᠪᠤᠯᠤᠨ᠎ᠠ᠃﹇ᠬᠥᠲᠥᠯᠥᠭᠴᠢ﹈ ᠮᠠᠨ ᠤ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠢ ᠲᠦᠯᠬᠢᠨ ᠠᠬᠢᠭᠤᠯᠤᠬᠰᠠᠨ ᠠᠴᠠ ᠨᠠᠭᠠᠰᠢ ᠥᠷᠭᠡᠨ ᠤᠯᠠᠨ ᠠᠷᠠᠳ ᠲᠦᠮᠡᠨ ᠳᠤ ᠵᠢᠩᠭᠢᠨᠢ ᠪᠦᠭᠡᠳ ᠠᠰᠢᠬᠳᠠᠢ ᠪᠠᠶᠢᠳᠠᠯ ᠢ ᠠᠪᠴᠢᠷᠠᠬᠰᠠᠨ ᠪᠠᠶᠢᠨ᠎ᠠ᠃ ᠤᠳᠣᠬᠠᠨ ᠳᠤ ᠺᠠᠶᠢᠯᠦ ᠰᠢᠶᠠᠨ ᠤ ᠵᠠᠰᠠᠭ ᠤᠨ ᠶᠠᠪᠤᠳᠠᠯ  ᠢ ᠢᠯᠡ ᠪᠤᠯᠭᠠᠬᠤ ᠨᠢ ᠶᠠᠮᠠᠷ ᠬᠡᠮᠵᠢᠶᠡᠨ ᠳᠤ ᠬᠦᠷᠲᠡᠯ᠎ᠡ ᠲᠦᠯᠬᠢᠨ ᠠᠬᠢᠭᠤᠯᠵᠤ ᠪᠤᠢ︖ ᠶᠠᠮᠠᠷ ᠬᠦᠴᠦᠨᠪᠦᠬᠦᠢ ᠠᠷᠭ᠎ᠠ ᠬᠡᠮᠵᠢᠶ᠎ᠡ ᠪᠠᠶᠢᠳᠠᠭ ᠪᠤᠢ︖﹇ᠴᠢ ᠡᠷᠬᠢᠯᠡᠭᠴᠢ﹈ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠢ ᠪᠦᠬᠦ ᠬᠦᠴᠦ ᠪᠠᠷ ᠲᠦᠯᠬᠢᠨ ᠠᠬᠢᠭᠤᠯᠬᠤ ᠶᠢᠨ ᠲᠥᠯᠥᠭᠡ᠂ ᠪᠢᠳᠡ ᠳᠣᠣᠷᠠᠬᠢ ᠬᠡᠳᠦᠨ ᠲᠠᠯ᠎ᠠ ᠶᠢᠨ ᠠᠵᠢᠯ ᠢ ᠬᠦᠴᠦᠯᠡᠨ ᠥᠷᠨᠢᠭᠦᠯᠪᠡ᠄ ᠨᠢᠭᠡ ᠳᠤ ︽ᠺᠠᠶᠢᠯᠦ ᠰᠢᠶᠠᠨ ᠤ ᠵᠠᠰᠠᠭ ᠤᠨ ᠶᠠᠪᠤᠳᠠᠯ ᠢ ᠢᠯᠡ ᠪᠣᠯᠭᠠᠬᠤ ᠲᠠᠪᠴᠠᠩ︾ ᠢ ᠡᠭᠦᠳᠦᠨ ᠪᠠᠶᠢᠭᠤᠯᠵᠤ᠂ ᠵᠠᠰᠠᠭ ᠤᠨ ᠶᠠᠪᠤᠳᠠᠯ ᠤᠨ ᠪᠢᠴᠢᠯ ᠪᠦᠷᠭᠡ ᠪᠠ ᠸᠢᠴᠠᠲ ᠤᠨ ᠨᠡᠶᠢᠲᠡ ᠶᠢᠨ ᠳ᠋ᠤᠭᠠᠷ ᠢ ᠨᠡᠭᠡᠭᠡᠭᠰᠡᠨ ᠮᠦᠷᠳᠡᠭᠡᠨ ᠳ᠋ᠠᠶᠢᠲ᠋ᠠ ᠶᠢ ᠲᠠᠪᠴᠠᠩ ᠲᠠᠢ ᠵᠠᠯᠭᠠᠵᠦ ᠬᠤᠣᠰ ᠴᠢᠭᠯᠡᠯ ᠢᠶᠠᠷ ᠬᠠᠷᠢᠯᠴᠠᠨ ᠳᠠᠮᠵᠢᠭᠤᠯᠬᠤ ᠶᠢ ᠪᠡᠶᠡᠯᠡᠭᠦᠯᠦᠭᠰᠡᠨ ᠪᠠᠶᠢᠨ᠎ᠠ᠃ ᠬᠤᠶᠠᠷ ᠲᠤ ᠵᠠᠰᠠᠭ ᠤᠨ ᠶᠠᠪᠤᠳᠠᠯ ᠢ ᠢᠯᠡ ᠪᠣᠯᠭᠠᠬᠤ ᠪᠠ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠪᠠᠷᠢᠮᠵᠢᠶᠠᠵᠢᠭᠤᠯᠤᠯᠲᠠ ᠶᠢ ᠳᠡᠭᠡᠳᠦ ᠬᠡᠮᠵᠢᠶ᠎ᠡ  ᠪᠠᠷ ᠤᠶᠠᠯᠳᠤᠭᠤᠯᠵᠦ᠂ ᠠᠮᠢ ᠨᠠᠰᠤᠨ ᠤ ᠡᠭᠡᠯᠵᠢᠲᠦ ᠬᠤᠭᠤᠴᠠᠭ᠎ᠠ ᠶᠢᠨ ᠦᠢᠯᠡᠴᠢᠯᠡᠭᠡᠨ ᠤ ᠵᠦᠭᠯᠡᠭᠦᠷ ᠢ ᠨᠠᠶᠢᠷᠠᠭᠤᠯᠤᠨ ᠵᠤᠬᠢᠶᠠᠵᠦ᠂ ᠤᠯᠠᠨ ᠲᠦᠮᠡᠨ ᠤ ᠨᠢᠭᠡ ᠨᠠᠰᠤᠨ ᠳᠤ ᠬᠤᠯᠪᠤᠬᠳᠠᠬᠰᠠᠨ ᠰᠢᠶᠳᠪᠦᠷᠢᠯᠡᠬᠦ ᠵᠤᠬᠢᠰᠳᠠᠢ ᠵᠦᠢᠯᠡᠰ ᠢᠶᠠᠷ ᠨᠢ ︽ᠮᠡᠨᠳᠦᠯᠡᠬᠦ︾᠂ ︽ᠡᠷᠳᠡᠮ ᠤᠨ ᠮᠥᠷ ᠬᠥᠭᠡᠭᠡᠬᠦ︾᠂ ︽ᠨᠠᠰᠤᠨ ᠳᠤ ᠬᠦᠷᠬᠦ︾᠂ ︽ᠨᠠᠰᠤᠳᠠᠶᠢᠴᠦᠳ︾ ᠭᠡᠬᠦ ᠳᠥᠷᠪᠡᠨ ᠠᠮᠢ ᠨᠠᠰᠦᠨ ᠤ ᠥᠩᠭᠡᠷᠡᠯᠲᠡ ᠳᠤ ᠬᠤᠪᠢᠶᠠᠵᠦ᠂ ᠵᠠᠰᠠᠭ ᠤᠨ ᠶᠠᠪᠤᠳᠠᠯ ᠢ ᠢᠯᠡ ᠪᠣᠯᠭᠠᠬᠤ ᠲᠠᠪᠴᠠᠩ ᠳᠤ ᠲᠠᠮᠵᠢᠭᠤᠯᠵᠦ᠂ ᠣᠯᠠᠨ ᠲᠦᠮᠡᠨ ᠤ ᠪᠠᠶᠢᠴᠠᠭᠠᠨ ᠯᠠᠪᠯᠠᠬᠤ ᠳᠤ ᠲᠦᠭᠦᠮ ᠪᠤᠯᠭᠠᠪᠠ᠃ ᠭᠤᠷᠪᠠ ᠳᠤ ᠨᠠᠰᠤᠲᠠᠶᠢᠴᠤᠳ ᠪᠣᠯᠤᠨ ᠰᠣᠶᠣᠯ ᠤᠨ ᠬᠢᠷᠢ ᠬᠡᠮᠵᠢᠶ᠎ᠡ ᠨᠢ ᠳᠣᠣᠷ᠎ᠠ ᠰᠢᠭ᠋ ᠬᠥᠮᠦᠰ ᠤᠨ ᠰᠦᠯᠵᠢᠶ᠎ᠡ᠂ ᠬᠤᠶᠠᠷ ᠪᠢᠴᠢᠯ ᠰᠢᠨ᠎ᠡ ᠵᠠᠭᠤᠴᠢᠯᠠᠭᠤᠷ ᠤᠨ ᠬᠤᠷᠢᠶᠠᠬᠤ ᠬᠡᠮᠵᠢᠶ᠎ᠡ  ᠤᠨ ᠬᠢᠵᠠᠭᠠᠷ ᠲᠠᠢ ᠶᠢ ᠪᠣᠳᠣᠯᠬᠢᠯᠠᠵᠤ ᠵᠠᠰᠠᠭ ᠤᠨ ᠶᠠᠪᠤᠳᠠᠯ ᠢ ᠢᠯᠡ ᠪᠣᠯᠭᠠᠬᠤ ᠲᠠᠪᠴᠠᠩ ᠢ ᠤᠲᠠᠰᠤᠲᠤ ᠲᠧᠯᠸᠢᠰ ᠲᠠᠢ ᠵᠠᠯᠭᠠᠵᠦ᠂ ᠵᠠᠰᠠᠭ ᠤᠨ ᠶᠠᠪᠤᠳᠠᠯ ᠢ ᠢᠯᠡ ᠪᠤᠯᠭᠠᠬᠤ ᠲᠧᠯᠸᠢᠰ ᠤᠨ ᠲᠤᠰᠬᠠᠶ ᠪᠤᠯᠤᠩ ᠢ ᠭᠠᠷᠭᠠᠬᠰᠠᠨ ᠪᠠᠶᠢᠨ᠎ᠠ᠃ ᠤᠯᠠᠨ ᠲᠦᠮᠡᠨ ᠭᠡᠷ ᠲᠡᠭᠡᠨ ᠰᠠᠭᠤᠵᠤ ᠪᠠᠶᠢᠭᠠᠳ ᠥᠪᠡᠷ ᠤᠨ ᠮᠡᠳᠡᠵᠦ ᠠᠪᠬᠤ ᠴᠢᠮᠡᠭᠡ ᠵᠠᠩᠭᠢ ᠶᠢ ᠤᠯᠵᠤ ᠮᠡᠳᠡᠬᠦ ᠪᠤᠯᠭᠠᠪᠠ᠃ ᠲᠦᠷᠪᠡ ᠳᠤ ᠥᠪᠡᠷᠲᠡᠭᠡᠨ ᠪᠠᠶᠢᠴᠠᠭᠠᠨ ᠯᠠᠪᠯᠠᠬᠤ ᠮᠠᠰᠢᠨ ᠢ ᠪᠠᠶᠢᠭᠤᠯᠵᠤ᠂ ᠪᠠᠯᠭᠠᠰᠤ ᠲᠣᠰᠬᠤᠨ ᠤ ᠠᠷᠠᠳ ᠲᠤ ᠲᠦᠬᠦᠮ ᠦᠵᠡᠭᠦᠯᠬᠦ ᠦᠢᠯᠡᠴᠢᠯᠡᠭᠡᠨ ᠤ ᠲᠠᠯᠠᠪᠤᠷ ᠪᠠ ᠬᠤᠲᠠ ᠪᠠᠯᠭᠠᠰᠤ ᠶᠢᠨ ᠬᠥᠮᠦᠨ ᠨᠢᠭᠲᠠᠷᠬᠠᠰᠠᠨ ᠭᠠᠵᠠᠷ ᠲᠤ ᠲᠠᠯᠪᠢᠵᠦ᠂ ᠤᠯᠠᠨ ᠲᠦᠮᠡᠨ ᠤ ᠴᠠᠭ ᠲᠤᠬᠠᠶ ᠳᠤᠨᠢ ᠪᠠᠶᠢᠴᠠᠭᠠᠨ ᠯᠠᠪᠯᠠᠬᠤ ᠳᠤ ᠲᠦᠭᠦᠮᠬᠡᠨ ᠪᠤᠯᠭᠠᠪᠠ᠃﹇ᠬᠥᠲᠥᠯᠥᠭᠴᠢ﹈ ᠴᠢ ᠡᠷᠬᠢᠯᠡᠭᠴᠢ ᠶᠢᠨ ᠲᠠᠶᠢᠯᠤᠮᠵᠢ ᠪᠠᠷ ᠲᠠᠮᠵᠢᠨ ᠪᠢᠳᠡ ᠮᠠᠨ ᠤ ᠰᠢᠶᠠᠨ ᠤ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ᠨᠢᠭᠡᠨᠳᠡ ᠦᠨᠳᠦᠰᠦᠨ ᠱᠠᠲᠤᠨ ᠳᠤ ᠭᠦᠨᠵᠡᠭᠡᠶᠢᠷᠡᠭᠰᠡᠨ ᠢ ᠮᠡᠳᠡᠵᠦ ᠪᠤᠯᠤᠨ᠎ᠠ᠂ ᠮᠠᠨ ᠤ ᠰᠢᠶᠠᠨ ᠤ ᠤᠳᠤᠷᠢᠳᠤᠯᠭ᠎ᠠ ᠶᠢᠨ ᠵᠠᠰᠠᠭ ᠤᠨ ᠶᠠᠪᠤᠳᠠᠯ ᠢ ᠢᠯᠡ ᠪᠣᠯᠭᠠᠬᠤ ᠠᠵᠢᠯ ᠪᠠ ᠠᠷᠠᠳ ᠤᠯᠠᠨ ᠤ ᠠᠰᠢᠭ ᠲᠤᠰᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ ᠪᠠᠶᠢᠬᠤ ᠶᠢ ᠮᠡᠳᠡᠵᠦ ᠪᠤᠯᠤᠨ᠎ᠠ᠃ ︽ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ  ᠤᠨ ᠳᠠᠷᠤᠮᠠᠯᠯᠠᠨ ᠲᠠᠷᠬᠠᠭᠠᠬᠰᠠᠨ ᠦᠨᠳᠦᠰᠦᠨ ᠱᠠᠲᠤᠨ ᠤ ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠲᠤᠷᠰᠢᠯᠳᠠ ᠶᠢᠨ ᠴᠡᠭ ᠤᠨ ᠠᠵᠢᠯ ᠢ ᠥᠷᠨᠢᠭᠦᠯᠬᠦ ᠲᠥᠰᠦᠯ ᠤᠨ ᠲᠤᠬᠠᠶ ᠮᠡᠳᠡᠭᠳᠡᠯ︾ ᠢ ᠦᠨᠳᠦᠰᠦᠯᠡᠨ᠂ ᠡᠨᠡ ᠵᠢᠯ ᠤᠨ 8 ᠰᠠᠷ᠎ᠠ ᠳᠤ ᠪᠦᠬᠦ ᠣᠯᠣᠰ ᠤᠨ ᠭᠡᠪᠴᠢᠶᠡᠨ ᠳᠤ ᠵᠠᠰᠠᠭ  ᠤᠨ ᠶᠠᠪᠤᠳᠠᠯ ᠢ ᠢᠯᠡ ᠪᠣᠯᠭᠠᠬᠤ ᠪᠠᠶᠢᠳᠠᠯ ᠳᠤ ᠬᠢᠨᠠᠨ ᠰᠢᠯᠭᠠᠯᠳᠠ ᠬᠢᠬᠦ ᠪᠤᠯᠤᠨ᠎ᠠ᠂ ᠲᠡᠭᠡᠪᠡᠯ ᠤᠳᠤᠬᠠᠨ ᠳᠤ ᠶᠠᠮᠠᠷ ᠠᠵᠢᠯ ᠤᠨ ᠲᠣᠬᠢᠷᠠᠭᠤᠯᠳᠠ ᠪᠠᠶᠢᠬᠤ ᠪᠤᠢ︖﹇ᠴᠢ ᠡᠷᠬᠢᠯᠡᠭᠴᠢ﹈ ᠪᠢᠳᠠ ᠲᠤᠰ ᠠᠵᠢᠯ ᠤᠨ ᠴᠢᠬᠤᠯᠠ ᠴᠢᠨᠠᠷ ᠪᠠ ᠪᠠᠴᠢᠮ ᠲᠤᠯᠭᠠᠠᠮ᠎ᠠ ᠴᠢᠨᠠᠷ ᠢ ᠭᠦᠨ᠎ᠡ ᠤᠶᠢᠯᠠᠭᠠᠵᠦ ᠪᠠᠶᠢᠨ᠎ᠠ᠂ ᠺᠠᠶᠢᠯᠦ ᠰᠢᠶᠠᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠨᠠᠷᠢᠨ ᠨᠢᠮᠪᠠᠶ ᠰᠤᠳᠤᠯᠭᠠᠨ ᠢᠶᠠᠷ ᠲᠠᠮᠵᠢᠨ ᠲᠠᠷᠠᠭᠠᠴᠢ ᠶᠢᠨ ᠠᠯᠬᠤᠮ ᠳᠤ ᠠᠵᠢᠯ ᠢᠶᠠᠨ 12 ᠬᠡᠰᠡᠭ ᠬᠤᠪᠢᠶᠠᠵᠦ᠂ ᠬᠠᠷᠢᠭᠤᠴᠠᠯᠭᠠᠳᠠᠨ ᠢ ᠲᠣᠳᠣᠷᠬᠠᠶ ᠪᠤᠯᠭᠠᠵᠦ᠂ ᠳᠠᠭᠤᠰᠬᠠᠬᠤ ᠴᠠᠭ ᠬᠤᠭᠤᠴᠠᠭ᠎ᠠ ᠪᠠᠨ ᠬᠢᠵᠠᠭᠠᠷᠯᠠᠵᠦ᠂ ᠬᠠᠷᠢᠭᠤᠴᠠᠯᠭ᠎ᠠ ᠨᠡᠬᠡᠮᠵᠢᠯᠡᠬᠦ ᠲᠣᠭᠲᠠᠴᠠ ᠶᠢ ᠡᠬᠢᠯᠡᠭᠦᠯᠵᠦ ᠤᠯᠤᠰ ᠤᠨ ᠰᠢᠯᠭᠠᠨ ᠪᠠᠶᠢᠴᠠᠭᠠᠯᠳᠠ ᠶᠢ ᠤᠷᠤᠬᠰᠢᠳᠠᠢ ᠦᠩᠭᠡᠷᠡᠭᠡᠬᠦ ᠪᠤᠯᠤᠨ᠎ᠠ᠃ ﹇ᠬᠥᠲᠥᠯᠥᠭᠴᠢ﹈  ᠵᠠ᠂ ᠴᠢ ᠡᠷᠬᠢᠯᠡᠭᠴᠢ ᠲᠠᠨ ᠤ ︽ᠵᠠᠰᠠᠭ ᠤᠨ ᠶᠠᠪᠤᠳᠠᠯ ᠢ ᠢᠯᠡ ᠪᠤᠯᠭᠠᠵᠦ ᠪᠠᠷᠢᠮᠵᠢᠶ᠋ᠭᠤᠯᠤᠨ ᠳᠦᠷᠢᠮᠵᠢᠭᠦᠯᠬᠦ ᠠᠵᠢᠯ ︾ ᠤᠨ ᠭᠤᠣᠯ ᠰᠡᠳᠦᠪ ᠢᠶᠠᠷ ᠮᠠᠨ ᠲᠠᠢ ᠭᠦᠨᠵᠡᠭᠡᠢ ᠶᠠᠷᠢᠯᠴᠠᠭᠠᠨ ᠶᠠᠪᠤᠭᠤᠯᠤᠬᠰᠠᠨ ᠳᠤ ᠲᠣᠩ ᠪᠠᠶᠠᠷᠯᠠᠯ᠎ᠠ᠃ ᠰᠦᠯᠵᠢᠶᠡᠨ ᠤ ᠨᠠᠶᠢᠵᠠ ᠨᠠᠷ ᠤᠨ ᠬᠦᠯᠢᠶᠡᠨ ᠠᠪᠴᠦ ᠦᠵᠡᠭᠰᠡᠨ ᠳᠤ ᠪᠠᠰᠠ ᠳᠤᠩ ᠪᠠᠶᠠᠷᠯᠠᠵᠦ ᠪᠠᠶᠢᠨ᠎ᠠ᠃ ᠲᠠᠷᠠᠭᠠᠴᠢ ᠶᠢᠨ ᠳ᠋ᠤᠭᠠᠷ ᠲᠠᠭᠠᠨ ᠲᠠᠬᠢᠨ ᠵᠤᠯᠭᠠᠶ᠎ᠠ᠂ ᠪᠠᠶᠠᠷᠳᠠᠢ᠃
 
ᠢᠷᠡᠯᠲᠡ᠄ ᠺᠠᠶᠢᠯᠦ ᠰᠢᠶᠠᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号