ᠴᠢᠨᠠᠷ ᠰᠠᠶᠢᠳᠠᠢ ᠵᠤᠭᠠᠴᠠᠯ ᠤᠨ ᠰᠢᠨ᠎ᠠ ᠨᠡᠷ᠎ᠡ ᠲᠡᠮᠲᠡᠭ ᠢ ᠡᠬᠦᠳᠦᠨᠡᠮ
ᠨᠡᠶᠢᠲᠡᠯᠡᠭᠰᠡᠨ ᠴᠠᠭ᠄
2018-11-08

                   

                   ᠠᠭᠤᠯᠠᠷᠬᠠᠭ ᠲᠠᠯ᠎ᠠ ᠨᠤᠳᠤᠭ ᠤᠨ ᠵᠤᠭᠠᠴᠠᠯ ᠤᠨ ᠦᠵᠡᠮᠵᠢ

                   ᠦᠵᠡᠰᠭᠦᠯᠡᠩᠳᠦ ᠰᠠᠶᠢᠬᠠᠨ ᠵᠠᠷᠤᠳ ᠤᠨ ᠲᠠᠯ᠎ᠠ ᠨᠣᠲᠤᠭ

                   ᠠᠽᠢᠶ᠎ᠠ ᠲᠢᠪ ᠤᠨ ᠪᠠ ᠬᠠᠮ ᠮᠠᠰᠢᠨ ᠲᠡᠷᠭᠡ ᠶᠢᠨ ᠣᠷᠣᠯᠳᠤᠭᠠᠨ

                   ᠮᠥᠰᠦ ᠴᠠᠰᠦᠨ ᠤ ᠰᠤᠶᠤᠯ ᠵᠤᠭᠠᠴᠠᠯ ᠤᠨ ᠣᠷᠠᠯᠢᠭ ᠤᠨ ᠨᠠᠶᠢᠷ

                   ᠲᠠᠯ᠎ᠠ ᠨᠤᠲᠤᠭ ᠤᠨ ᠮᠣᠷᠢᠨ ᠣᠷᠣᠯᠳᠤᠭᠠᠨ

     ᠡᠨᠡ ᠵᠢᠯ ᠠᠴᠠ ᠨᠠᠰᠢ᠂ ᠵᠠᠷᠤᠳ ᠬᠤᠰᠢᠭᠤ ︽ᠦᠵᠡᠰᠬᠦᠯᠡᠩᠳᠤ ᠰᠠᠶᠢᠬᠠᠨ ᠦᠪᠤᠷ ᠮᠤᠩᠭᠤᠯ᠂ ᠦᠵᠡᠮᠵᠢᠳᠤ

ᠰᠠᠶᠢᠬᠠᠨ ᠦᠵᠡᠮᠵᠢ ᠶᠢᠨ ᠱᠤᠭᠤᠮ︾ ᠢ ᠡᠬᠦᠳᠬᠦ ᠳᠤ ᠢᠳᠡᠪᠬᠢᠯᠡᠨ ᠤᠷᠤᠯᠴᠠᠵᠤ᠂ ︽ᠤᠪᠤᠭᠠᠨ ᠳᠠᠬᠢ

ᠠᠭᠤᠯᠵᠠᠯᠳᠠ ᠶᠢᠨ ᠭᠠᠵᠠᠷ︾ ᠊᠊᠊᠊᠊ ᠲᠦᠩᠯᠢᠶᠤᠤ ᠶᠢᠨ ᠵᠤᠭᠠᠴᠠᠯ ᠤᠨ ᠲᠦᠷᠦᠯ ᠲᠡᠮᠳᠡᠭ ᠢ ᠢᠳᠡᠪᠬᠢᠳᠡᠢ ᠡᠬᠦᠳᠴᠤ᠂

︽ᠪᠦᠬᠦ ᠤᠷᠤᠨ ᠲᠤᠭᠤᠷᠢᠭ ᠤᠨ ᠵᠤᠭᠠᠴᠠᠯ᠂ ᠲᠦᠷᠪᠡᠨ ᠤᠯᠠᠷᠢᠯ ᠤᠨ ᠵᠤᠭᠠᠴᠠᠯ᠂ ᠵᠤᠭᠠᠴᠠᠯ +︾

ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠶᠢ ᠬᠡᠷᠡᠭᠵᠢᠬᠦᠯᠵᠤ᠂ ︽ᠨᠢᠭᠡ ᠱᠤᠭᠤᠮ ᠲᠦᠷᠪᠡᠨ ᠭᠤᠭᠴᠤᠭ᠎ᠠ ᠨᠢᠭᠡ

ᠤᠷᠤᠯᠳᠤᠭᠠᠨ︾ ᠤ ᠬᠦᠭᠵᠢᠯᠳᠡ ᠶᠢᠨ ᠰᠡᠳᠬᠢᠴᠡ ᠶᠤᠰᠤᠭᠠᠷ᠂ ᠤᠨᠴᠠᠯᠢᠭᠳᠤ ᠰᠤᠶᠤᠯ ᠵᠤᠭᠠᠴᠠᠯ ᠤᠨ

ᠦᠢᠯᠡᠳᠬᠦᠨ ᠢ ᠢᠳᠡᠪᠬᠢᠳᠡᠢ ᠨᠡᠭᠡᠭᠡᠨ ᠬᠦᠭᠵᠢᠬᠦᠯᠵᠤ᠂ ᠵᠤᠭᠠᠴᠠᠯ ᠤᠨ ᠦᠢᠯᠡᠰ ᠤᠨ ᠲᠠᠩ ᠴᠤᠯᠭᠤᠢ ᠲᠤᠭᠤᠷᠢᠨ

ᠦᠵᠡᠬᠦ ᠬᠡᠯᠪᠡᠷᠢ ᠠᠴᠠ ᠲᠤᠭᠤᠷᠢᠨ ᠪᠠᠶᠢᠴᠠᠭᠠᠬᠤ᠂ ᠰᠡᠯᠡᠬᠦᠴᠡᠨ ᠵᠤᠭᠠᠴᠠᠬᠤ᠂ ᠰᠤᠶᠤᠯ ᠢ ᠪᠡᠶᠡᠴᠢᠯᠡᠨ ᠤᠢᠢᠯᠠᠭᠠᠬᠤ᠂

ᠪᠡᠶ᠎ᠠ ᠴᠢᠬᠢᠷᠠᠭᠵᠢᠭᠤᠯᠬᠤ ᠵᠡᠷᠭᠡ ᠤᠯᠠᠨ ᠡᠰᠢᠵᠢᠭᠰᠡᠨ ᠬᠡᠯᠪᠡᠷᠢ ᠵᠦᠭ ᠬᠤᠪᠢᠷᠠᠬᠤ ᠶᠢ ᠲᠦᠯᠬᠢᠨ ᠠᠬᠢᠭᠤᠯᠵᠤ᠂

ᠰᠤᠶᠤᠯ ᠪᠤᠯᠤᠨ ᠵᠤᠭᠠᠴᠠᠯ ᠤᠨ ᠬᠦᠨᠵᠡᠭᠡᠢ ᠠᠭᠤᠰᠤᠯᠴᠠᠨ ᠬᠦᠭᠵᠢᠬᠦ ᠶᠢ ᠠᠬᠢᠭᠤᠯᠪᠠ᠃ ᠤᠳᠤᠬᠠᠨ ᠪᠤᠯᠳᠠᠯ᠎ᠠ᠂ ᠪᠦᠬᠦ

ᠬᠤᠰᠢᠭᠤ ᠪᠠᠷ ᠢᠶᠠᠨ ᠵᠤᠭᠠᠴᠠᠭᠰᠠᠳ ᠢ 90 ᠲᠦᠮᠡᠨ ᠬᠦᠮᠦᠨ ᠤᠳᠠᠭ᠎ᠠ ᠬᠦᠯᠢᠶᠡᠨ ᠵᠤᠴᠢᠯᠠᠵᠤ᠂ ᠵᠤᠭᠠᠴᠠᠯ ᠤᠨ

ᠶᠡᠷᠦᠩᠭᠡᠢ ᠤᠷᠤᠯᠭ᠎ᠠ 9.8 ᠳ᠋ᠦᠩᠰᠢᠭᠤᠷ ᠲᠦᠬᠦᠷᠢᠭ ᠬᠦᠷᠪᠡ᠃

     ᠭᠤᠤᠯᠳᠠᠯᠭ᠎ᠠ ᠲᠠᠢ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠤ ᠵᠤᠭᠠᠴᠠᠯ ᠤᠨ ᠴᠢᠨᠠᠷ

ᠰᠠᠶᠢᠳᠠᠢ ᠬᠦᠭᠵᠢᠯᠳᠡ ᠶᠢ ᠠᠬᠢᠭᠤᠯᠪᠠ

     ᠡᠨᠡ ᠵᠢᠯ ᠠᠴᠠ ᠨᠠᠰᠢ᠂ ᠵᠠᠷᠤᠳ ᠬᠤᠰᠢᠭᠤ ᠵᠤᠭᠠᠴᠠᠯ ᠤᠨ ᠰᠠᠭᠤᠷᠢ ᠲᠦᠬᠦᠭᠡᠷᠤᠮᠵᠢ ᠪᠠᠨ ᠲᠠᠰᠤᠷᠠᠯᠳᠠ

ᠦᠭᠡᠢ ᠲᠡᠬᠦᠯᠳᠡᠷᠵᠢᠬᠦᠯᠵᠤ᠂ ᠭᠤᠤᠯᠳᠠᠯᠭ᠎ᠠ ᠲᠠᠢ ᠵᠤᠭᠠᠴᠠᠯ ᠤᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ

ᠬᠦᠴᠦᠯᠡᠨ ᠠᠬᠢᠭᠤᠯᠵᠤ᠂ ᠵᠤᠭᠠᠴᠠᠯ ᠤᠨ ᠴᠢᠨᠠᠷ ᠰᠠᠶᠢᠳᠠᠢ ᠬᠦᠭᠵᠢᠯᠳᠡ ᠶᠢᠨ ᠰᠢᠨ᠎ᠠ ᠪᠦᠳᠦᠴᠡ ᠶᠢᠨ ᠪᠦᠷᠢᠯᠳᠦᠬᠦ ᠶᠢ

ᠠᠬᠢᠭᠤᠯᠪᠠ᠃ 2.7 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠬᠤ ᠪᠠᠷ ᠲᠦᠯᠦᠪᠯᠡᠭᠰᠡᠨ ᠢᠤᠢ ᠴᠢᠤᠸᠠᠨ ᠱᠠᠨ

ᠠᠮᠢ ᠠᠬᠤᠢ ᠶᠢᠨ ᠵᠤᠭᠠᠴᠠᠯ ᠤᠨ ᠤᠷᠤᠨ ᠤ ᠪᠦᠳᠦᠭᠡᠨ ᠪᠠᠶᠢᠭᠤᠯᠤᠯᠳᠠ ᠶᠢᠨ ᠲᠦᠷᠦᠯ ᠵᠦᠢᠯ᠂ ᠤᠳᠤᠬᠠᠨ᠎ᠠ ᠨᠢᠭᠡᠨᠳᠡ

1.9 ᠳ᠋ᠦᠩᠰᠢᠭᠤᠷ ᠲᠦᠬᠦᠷᠢᠭ ᠪᠡᠯᠡ ᠤᠷᠤᠭᠤᠯᠵᠤ᠂ ᠦᠵᠡᠮᠵᠢ ᠶᠢᠨ ᠤᠷᠤᠨ ᠤ ᠶᠡᠷᠦᠩᠭᠡᠢ ᠴᠤᠭᠴᠠ ᠶᠢᠨ ᠵᠢᠷᠤᠭ

ᠲᠦᠯᠦᠪᠯᠡᠭᠡ᠂ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢᠨ ᠵᠢᠷᠤᠭ ᠲᠦᠯᠦᠪᠯᠡᠭᠡ ᠵᠢᠴᠢ ᠯᠢᠶᠤᠤ

ᠤᠯᠤᠰ ᠤᠨ ᠦᠶ᠎ᠠ ᠶᠢᠨ ᠬᠤᠳᠠ ᠶᠢᠨ ᠬᠡᠷᠡᠮ᠂ ᠮᠤᠷᠢᠨ ᠤ ᠮᠡᠷᠭᠡᠵᠢᠯ ᠤᠨ ᠭᠠᠵᠠᠷ ᠵᠡᠷᠭᠡ ᠢᠨᠵᠧᠨᠧᠷᠢᠩ ᠢ

ᠪᠡᠶᠡᠯᠡᠬᠦᠯᠵᠤ᠂ ᠵᠢᠯ ᠤᠨ ᠡᠴᠤᠰ ᠢᠶᠠᠷ ᠬᠡᠰᠡᠭ ᠦᠢᠯᠡᠴᠢᠯᠡᠭᠡᠨ ᠤ ᠴᠢᠳᠠᠪᠬᠢ ᠶᠢ ᠨᠡᠭᠡᠭᠡᠬᠦ ᠪᠠᠷ ᠴᠢᠷᠮᠠᠶᠢᠵᠤ ᠪᠤᠢ᠃

ᠰᠠᠢ ᠸᠠᠢ ᠱᠧᠨ ᠴᠢᠤᠸᠠᠨ ᠦᠪᠡᠷᠳᠡᠭᠡᠨ ᠲᠡᠷᠭᠡ ᠵᠢᠯᠤᠭᠤᠲᠤᠨ ᠬᠡᠬᠡᠷ᠎ᠠ ᠪᠠᠭᠤᠳᠠᠯᠯᠠᠬᠤ ᠭᠠᠵᠠᠷ ᠤᠨ ᠲᠦᠷᠦᠯ ᠵᠦᠢᠯ

4000 ᠲᠦᠮᠡᠨ ᠲᠦᠬᠦᠷᠢᠭ ᠤᠨ ᠪᠡᠯᠡ ᠤᠷᠤᠭᠤᠯᠤᠯᠳᠠ ᠶᠢ ᠪᠡᠶᠡᠯᠡᠬᠦᠯᠵᠤ᠂ 7 ᠰᠠᠷ᠎ᠠ ᠶᠢᠨ ᠰᠡᠬᠦᠯᠴᠢ ᠠᠴᠠ

ᠡᠬᠢᠯᠡᠨ ᠡᠵᠡᠩᠨᠡᠯᠳᠡ ᠬᠢᠵᠤ᠂ 800 ᠬᠦᠮᠦᠨ ᠬᠠᠮᠳᠤ ᠳᠠᠭᠠᠨ ᠬᠤᠭᠤᠯᠠᠯᠠᠵᠤ᠂ 160 ᠬᠦᠮᠦᠨ ᠢ ᠬᠤᠨᠤᠵᠤ

ᠪᠠᠭᠲᠠᠭᠠᠲᠠᠭ᠃ 12.9 ᠳ᠋ᠦᠩᠰᠢᠭᠤᠷ ᠲᠦᠬᠦᠷᠢᠭ ᠪᠡᠯᠡ ᠤᠷᠤᠭᠤᠯᠬᠤ ᠪᠠᠷ ᠲᠦᠯᠦᠪᠯᠡᠭᠰᠡᠨ ᠪᠡᠭᠡᠵᠢᠩ ᠤᠨ ᠳ᠋ᠦᠩ

ᠹᠠᠩ ᠴᠡᠴᠡᠷᠯᠢᠭ ᠤᠨ ᠪᠦᠬᠦ ᠤᠷᠤᠨ ᠲᠤᠭᠤᠷᠢᠭ ᠤᠨ ᠵᠤᠭᠠᠴᠠᠯ ᠤᠨ ᠪᠦᠳᠦᠭᠡᠨ ᠪᠠᠶᠢᠭᠤᠯᠤᠯᠳᠠ ᠶᠢᠨ ᠲᠦᠷᠦᠯ

ᠵᠦᠢᠯ ᠳᠤ ᠨᠢᠭᠡᠨᠳᠡ ᠭᠠᠷ ᠤᠨ ᠦᠰᠦᠭ ᠵᠢᠷᠤᠪᠠ᠃ ᠡᠬᠦᠨ ᠤ ᠬᠠᠮᠳᠤ᠂ 300 ᠲᠦᠮᠡᠨ ᠲᠦᠬᠦᠷᠢᠭ ᠪᠡᠯᠡ

ᠤᠷᠤᠭᠤᠯᠬᠤ ᠪᠠᠷ ᠲᠦᠯᠦᠪᠯᠡᠵᠤ᠂ ᠰᠠᠢ ᠸᠠᠢ ᠱᠧᠨ ᠴᠢᠤᠸᠠᠨ ᠦᠪᠡᠷᠳᠡᠭᠡᠨ ᠲᠡᠷᠭᠡ ᠵᠢᠯᠤᠭᠤᠲᠤᠨ ᠬᠡᠭᠡᠷ᠎ᠡ

ᠪᠠᠭᠤᠳᠠᠯᠯᠠᠬᠤ ᠭᠠᠵᠠᠷ ᠤᠨ ᠲᠦᠷᠦᠯ ᠵᠦᠢᠯ ᠲᠠᠢ ᠤᠶᠠᠯᠳᠤᠭᠤᠯᠤᠨ᠂ ᠠᠷᠤ ᠬᠦᠨᠳᠡᠯᠡᠨ ᠪᠠᠯᠭᠠᠰᠤᠨ ᠤ ᠰᠠᠴᠤᠷᠠᠯᠳᠤ

ᠭᠠᠴᠠᠭ᠎ᠠ ᠳᠤ ᠵᠤᠭᠠᠴᠠᠯ ᠤᠨ ᠲᠠᠸᠠᠷ ᠤᠨ ᠲᠦᠪᠯᠡᠷᠡᠬᠦᠯᠦᠨ ᠪᠤᠷᠤᠯᠠᠭᠤᠯᠬᠤ ᠴᠡᠭ ᠢ 53 ᠪᠠᠶᠢᠭᠤᠯᠵᠤ᠂

ᠪᠤᠷᠤᠯᠠᠭᠤᠯᠬᠤ ᠡᠷᠦᠭᠡ ᠶᠢ 53 ᠡᠷᠦᠭᠡ ᠲᠡᠳᠬᠦᠵᠤ᠂ ᠡᠨᠡ ᠵᠢᠯ ᠪᠤᠢ ᠪᠦᠬᠦᠢ ᠪᠦᠳᠦᠭᠡᠨ ᠪᠠᠶᠢᠭᠤᠯᠤᠯᠳᠠ ᠶᠢᠨ

ᠡᠬᠦᠷᠭᠡ ᠪᠠᠨ ᠪᠡᠶᠡᠯᠡᠬᠦᠯᠵᠤ᠂ ᠤᠳᠤᠬᠠᠨ ᠳᠤ ᠶᠠᠭ ᠡᠮᠦᠨᠡᠬᠢ ᠬᠤᠭᠤᠴᠠᠭᠠᠨ ᠤ ᠭᠠᠷ ᠬᠦᠢᠴᠡᠳᠭᠡᠯ ᠢᠶᠠᠨ ᠬᠢᠵᠤ ᠪᠤᠢ᠃

     ᠪᠦᠬᠦ ᠤᠷᠤᠨ ᠲᠤᠭᠤᠷᠢᠭ ᠤᠨ ᠪᠦᠬᠦ ᠴᠠᠭ ᠤᠨ ᠵᠤᠭᠠᠴᠠᠯ ᠤᠨ ᠰᠢᠨ᠎ᠠ ᠶᠢ ᠡᠬᠦᠳᠦᠨ ᠬᠦᠭᠵᠢᠬᠦ ᠰᠢᠨ᠎ᠠ

ᠬᠦᠳᠡᠯᠭᠡᠬᠦᠷ ᠢ ᠲᠦᠯᠬᠢᠨ ᠠᠬᠢᠭᠤᠯᠪᠠ

     ᠵᠠᠷᠤᠳ ᠬᠤᠰᠢᠭᠤ G304 ᠱᠤᠭᠤᠮ ᠢᠶᠠᠷ ᠲᠡᠩᠭᠡᠯᠢᠭ ᠪᠤᠯᠭᠠᠵᠤ᠂ ᠨᠠᠮᠤᠭ ᠭᠠᠵᠠᠷ ᠤᠨ ᠤᠰᠤᠨ ᠤᠷᠤᠨ᠂

ᠰᠡᠯᠡᠬᠦᠴᠡᠨ ᠵᠤᠭᠠᠴᠠᠬᠤ᠂ ᠪᠡᠶ᠎ᠠ ᠴᠢᠬᠢᠷᠠᠭᠵᠢᠭᠤᠯᠬᠤ ᠬᠦᠳᠡᠯᠭᠡᠭᠡᠨ ᠳᠤ ᠤᠷᠤᠯᠴᠠᠬᠤ᠂ ᠠᠷᠠᠳ ᠤᠨ ᠵᠠᠩ ᠦᠢᠯᠡ ᠶᠢ

ᠪᠡᠶ᠎ᠠ ᠪᠠᠷ ᠢᠶᠠᠨ ᠦᠩᠭᠡᠷᠡᠬᠦᠯᠬᠦ ᠲᠦᠷᠪᠡᠨ ᠵᠤᠷᠪᠤᠰ ᠰᠤᠶᠤᠯ ᠵᠤᠭᠠᠴᠠᠯ ᠤᠨ ᠲᠤᠭᠤᠷᠢᠯ ᠱᠤᠭᠤᠮ ᠢ ᠡᠬᠦᠳᠴᠤ᠂ ᠪᠦᠬᠦ

ᠤᠷᠤᠨ ᠲᠤᠭᠤᠷᠢᠭ ᠤᠨ ᠵᠤᠭᠠᠴᠠᠯ ᠤᠨ ᠰᠢᠨ᠎ᠠ ᠠᠯᠬᠤᠴᠠ ᠶᠢ ᠠᠯᠬᠤᠪᠠ᠃ ᠡᠨᠡ ᠵᠢᠯ ᠠᠴᠠ ᠨᠠᠰᠢ᠂ ᠵᠠᠷᠤᠳ

ᠬᠤᠰᠢᠭᠤ ᠡᠯᠪᠡᠭ ᠪᠠᠶᠠᠯᠢᠭ ᠲᠠᠯ᠎ᠠ ᠨᠤᠳᠤᠭ ᠤᠨ ᠡᠬᠢ ᠪᠠᠶᠠᠯᠢᠭ ᠲᠠᠭᠠᠨ ᠲᠦᠰᠢᠭᠯᠡᠨ᠂ ᠠᠩᠬᠠᠳᠠᠭᠴᠢ ᠬᠤᠸᠠᠩ

ᠲᠠᠶᠢᠵᠢ ᠨᠠᠭᠤᠷ ᠤᠨ ᠡᠪᠦᠯ ᠤᠨ ᠠᠪᠠ ᠶᠢᠨ ᠮᠦᠰᠦ ᠴᠠᠰᠤᠨ ᠤ ᠰᠤᠶᠤᠯ ᠵᠤᠭᠠᠴᠠᠯ ᠤᠨ ᠨᠠᠶᠢᠷ᠂ ᠮᠦᠰᠦ ᠴᠠᠰᠤᠨ ᠤ

ᠦᠨᠳᠤᠰᠤᠳᠡᠨ ᠤ ᠬᠤᠪᠴᠠᠰᠤ ᠵᠠᠰᠠᠯ ᠤᠨ ᠰᠤᠶᠤᠯ ᠵᠤᠭᠠᠴᠠᠯ ᠤᠨ ᠤᠷᠠᠯᠢᠭ ᠤᠨ ᠨᠠᠶᠢᠷ᠂ ᠬᠤᠷᠴᠠ ᠤᠯᠠᠭᠠᠨ

ᠴᠡᠴᠡᠭ ᠤᠨ ᠰᠤᠶᠤᠯ ᠵᠤᠭᠠᠴᠠᠯ ᠤᠨ ᠨᠠᠶᠢᠷ᠂ ᠲᠦᠷᠪᠡᠳᠦᠭᠡᠷ ᠬᠤᠭᠤᠴᠠᠭᠠᠨ ᠤ ᠤᠯᠠᠨ ᠤᠯᠤᠰ ᠤᠨ ᠮᠠᠨᠵᠤ

ᠲᠡᠪᠡᠯ ᠤᠨ ᠵᠤᠭᠠᠴᠠᠯ ᠰᠤᠶᠤᠯ ᠤᠨ ᠨᠠᠶᠢᠷ᠂ ᠵᠢᠷᠦᠭᠡ ᠪᠠᠯᠭᠠᠰᠤᠨ ᠤ ᠤᠯᠠᠭᠠᠨ ᠴᠡᠷᠢᠭ ᠤᠨ ᠵᠤᠭᠠᠴᠠᠯ ᠵᠢᠴᠢ

ᠭᠤᠷᠪᠠᠳᠤᠭᠠᠷ ᠬᠤᠭᠤᠴᠠᠭᠠᠨ ᠤ ᠰᠠᠷᠭᠠᠢ ᠴᠡᠴᠡᠭ ᠤᠨ ᠨᠠᠶᠢᠷ ᠵᠢᠴᠢ 2018 ᠤᠨ ᠤ ︽ᠠᠽᠢᠶ᠎ᠠ ᠲᠢᠪ ᠤᠨ ᠪᠠ ᠬᠠ

1000 ᠺᠢᠯᠤᠮᠧᠳ᠋ᠷ ᠤᠨ ᠮᠠᠰᠢᠨ ᠲᠠᠷᠬᠡ ᠶᠢᠨ ᠡᠴᠤᠰ ᠲᠤᠨᠢ ᠲᠤᠯᠳᠠᠯ᠎ᠠ ᠤᠷᠤᠯᠳᠤᠬᠤ ᠭᠡᠭᠡᠷᠡᠯᠡᠬᠦ ᠲᠡᠰᠭᠡᠯ

ᠤᠷᠤᠯᠳᠤᠭᠠᠨ︾ ᠵᠢᠴᠢ ᠲᠤᠮᠳᠠᠳᠤ ᠤᠯᠤᠰ ᠤᠨ ᠮᠠᠰᠢᠨ ᠲᠡᠷᠭᠡ ᠶᠢᠨ ᠭᠡᠭᠡᠷᠡᠯᠡᠬᠦ ᠮᠠᠩᠯᠠᠢ ᠰᠢᠯᠭᠠᠷᠠᠭᠤᠯᠬᠤ

ᠤᠷᠤᠯᠳᠤᠭᠠᠨ ᠤ ᠵᠠᠷᠤᠳ ᠬᠤᠰᠢᠭᠤᠨ ᠤ ᠬᠤᠪᠢᠶᠠᠷᠢ ᠦᠷᠳᠡᠭᠡᠨ ᠤ ᠤᠷᠤᠯᠳᠤᠭᠠᠨ ᠵᠡᠷᠭᠡ ᠠᠵᠢᠯᠯᠠᠭ᠎ᠠ ᠶᠢ

ᠠᠮᠵᠢᠯᠳᠠ ᠲᠠᠢ ᠡᠷᠬᠢᠯᠡᠵᠤ᠂ ᠵᠠᠷᠤᠳ ᠬᠤᠰᠢᠭᠤᠨ ᠤ ᠴᠢᠨᠠᠷ ᠰᠠᠶᠢᠳᠠᠢ ᠵᠤᠭᠠᠴᠠᠯ ᠤᠨ ᠡᠬᠢ ᠪᠠᠶᠠᠯᠢᠭ ᠢ ᠪᠦᠬᠦ

ᠲᠠᠯ᠎ᠠ ᠪᠠᠷ ᠲᠡᠯᠭᠡᠨ ᠦᠵᠡᠬᠦᠯᠵᠤ᠂ ᠵᠤᠭᠠᠴᠠᠭᠰᠠᠳ ᠢ ᠵᠠᠭᠤᠨ ᠲᠦᠮᠡᠨ ᠬᠦᠮᠦᠨ ᠤᠳᠠᠭ᠎ᠠ ᠬᠦᠯᠢᠶᠡᠨ ᠠᠪᠤᠪᠠ᠃

ᠡᠬᠦᠨ ᠤ ᠬᠠᠮᠳᠤ᠂ ᠮᠤᠩᠭᠤᠯ ᠦᠨᠳᠤᠰᠤᠳᠡᠨ ᠤ ᠰᠤᠶᠤᠯ ᠤᠨ ᠤᠨᠴᠠᠯᠢᠭ ᠢ ᠲᠤᠪᠤᠶᠢᠯᠭᠠᠵᠤ᠂ ᠰᠤᠶᠤᠯ ᠪᠤᠯᠤᠨ

ᠵᠤᠭᠠᠴᠠᠯ ᠢ ᠠᠭᠤᠰᠤᠯᠴᠠᠭᠤᠯᠤᠨ ᠬᠦᠭᠵᠢᠬᠦᠯᠵᠤ᠂ ᠲᠠᠳᠠᠬᠤ ᠬᠦᠴᠦᠨ ᠪᠠ ᠨᠦᠯᠦᠭᠡᠯᠡᠬᠦ ᠬᠦᠴᠦᠨ ᠪᠦᠬᠦᠢ ᠰᠤᠳᠤᠨ

ᠰᠤᠶᠤᠯ ᠤᠷᠠᠯᠢᠭ ᠤᠨ ᠵᠤᠭᠠᠴᠠᠯ ᠤᠨ ᠲᠦᠷᠦᠯ ᠲᠡᠮᠳᠡᠭ ᠢ ᠡᠬᠦᠳᠪᠡ᠃

     ︽ᠵᠤᠭᠠᠴᠠᠯ + ᠶᠠᠳᠠᠭᠤ ᠶᠢ ᠲᠡᠳᠬᠦᠬᠦ︾ ᠶᠢ ᠶᠡᠭᠡ ᠬᠦᠴᠦᠨ ᠢᠶᠠᠷ ᠬᠡᠷᠡᠭᠵᠢᠬᠦᠯᠵᠤ ᠮᠠᠯᠴᠢᠨ ᠲᠠᠷᠢᠶᠠᠴᠢᠳ ᠢ

ᠶᠠᠳᠠᠭᠤ ᠠᠴᠠ ᠠᠩᠬᠢᠵᠢᠷᠠᠭᠤᠯᠤᠨ ᠪᠠᠶᠠᠵᠢᠨ ᠴᠢᠨᠡᠭᠡᠯᠢᠭᠵᠢᠬᠦᠯᠬᠦ ᠰᠢᠨ᠎ᠠ ᠬᠦᠳᠡᠯᠭᠡᠬᠦᠷ ᠢ ᠡᠬᠦᠳᠪᠠ

     ᠡᠨᠡ ᠵᠢᠯ ᠠᠴᠠ ᠨᠠᠰᠢ᠂ ᠵᠠᠷᠤᠳ ᠬᠤᠰᠢᠭᠤ ︽ᠵᠤᠭᠠᠴᠠᠯ + ᠶᠠᠳᠠᠭᠤ ᠶᠢ ᠲᠡᠳᠬᠦᠬᠦ︾ ᠪᠠᠶᠢᠯᠳᠤᠬᠤ

ᠪᠤᠳᠤᠯᠭ᠎ᠠ ᠶᠢ ᠶᠡᠭᠡ ᠬᠦᠴᠦᠨ ᠢᠶᠠᠷ ᠬᠡᠷᠡᠭᠵᠢᠬᠦᠯᠵᠤ᠂ ᠬᠦᠳᠡᠭᠡ ᠲᠤᠰᠬᠤᠨ ᠤ ᠵᠤᠭᠠᠴᠠᠯ ᠢ ᠶᠠᠳᠠᠭᠤ ᠬᠦᠴᠢᠷᠳᠡᠢ

ᠡᠷᠦᠭᠡ ᠶᠢᠨ ᠶᠠᠳᠠᠭᠤ ᠠᠴᠠ ᠠᠩᠬᠢᠵᠢᠷᠠᠨ ᠪᠠᠶᠠᠵᠢᠨ ᠴᠢᠨᠡᠭᠡᠯᠢᠭᠵᠢᠬᠦ ︽ᠤᠪᠠᠳᠢᠰ︾ ᠪᠤᠯᠭᠠᠪᠠ᠃ ᠮᠠᠯᠴᠢᠨ

ᠲᠠᠷᠢᠶᠠᠴᠢᠳ ᠤᠨ ᠮᠠᠯᠴᠢᠨ ᠠᠶᠢᠯ ᠦᠭᠡᠷ ᠲᠡᠵᠢᠭᠡᠬᠦ ᠲᠤᠰᠬᠠᠢ ᠬᠤᠷᠰᠢᠶᠠᠵᠢᠯ ᠤᠨ ᠲᠡᠷᠢᠬᠦᠨ ᠤ ᠲᠤᠷᠰᠢᠯᠭ᠎ᠠ ᠶᠢ

ᠰᠤᠷᠤᠯᠴᠠᠬᠤ ᠶᠢ ᠵᠤᠷᠢᠬᠵᠢᠭᠤᠯᠵᠤ᠂ ᠬᠡᠷ ᠪᠦᠯᠢ ᠶᠢᠨ ᠠᠮᠢ ᠠᠬᠤᠢ ᠶᠢᠨ ᠮᠠᠯᠵᠢᠯ ᠤᠨ ᠲᠠᠯᠠᠪᠠᠢ ᠪᠠ

ᠬᠤᠷᠰᠢᠶᠠᠵᠢᠯ ᠢᠶᠠᠷ ᠭᠤᠤᠯ ᠪᠤᠯᠭᠠᠭᠰᠠᠨ ᠰᠢᠨ᠎ᠠ ᠬᠡᠯᠪᠡᠷᠢ ᠶᠢᠨ ᠡᠵᠡᠩᠨᠡᠯᠳᠡ ᠶᠢᠨ ᠴᠤᠭᠴᠠ ᠶᠢ ᠪᠠᠶᠢᠭᠤᠯᠵᠤ᠂ ᠮᠠᠯ

ᠠᠵᠤ ᠠᠬᠤᠢ ᠪᠤᠯᠤᠨ ᠬᠦᠳᠡᠭᠡ ᠲᠤᠰᠬᠤᠨ ᠤ ᠵᠤᠭᠠᠴᠠᠯ ᠤᠨ ᠦᠢᠯᠡᠰ ᠤᠨ ᠠᠭᠤᠰᠤᠯᠴᠠᠭᠰᠠᠨ ᠬᠦᠭᠵᠢᠯᠳᠡ ᠶᠢ

ᠠᠬᠢᠭᠤᠯᠪᠠ᠃ ᠠᠭᠤᠯᠠᠷᠬᠠᠭ ᠤᠷᠤᠨ ᠤ ᠲᠠᠯ᠎ᠠ ᠨᠤᠳᠤᠭ ᠤᠨ ᠵᠤᠭᠠᠴᠠᠯ ᠤᠨ ᠤᠷᠤᠨ᠂ ᠢᠤᠢ ᠵᠧᠦ ᠪᠧᠢ ᠦᠪᠡᠷᠳᠡᠭᠡᠨ

ᠲᠡᠷᠭᠡ ᠵᠢᠯᠤᠭᠤᠳᠤᠨ ᠬᠡᠭᠡᠷ᠎ᠠ ᠪᠠᠭᠤᠳᠠᠯᠯᠠᠬᠤ ᠭᠠᠵᠠᠷ ᠵᠡᠷᠭᠡ ᠲᠦᠷᠦᠯ ᠵᠦᠢᠯ ᠤᠨ ᠲᠠᠶᠢᠴᠢᠯᠠᠬᠤ ᠦᠢᠯᠡᠳᠤᠯ ᠢ

ᠪᠠᠳᠠᠷᠠᠭᠤᠯᠵᠤ᠂ ᠶᠠᠳᠠᠭᠤ ᠬᠦᠴᠢᠷᠳᠡᠢ ᠡᠷᠦᠭᠡ ᠶᠢᠨ ᠰᠢᠭᠤᠳ ᠪᠤᠶᠤ ᠲᠠᠮ ᠢᠶᠠᠷ ᠵᠤᠭᠠᠴᠠᠯ ᠳᠤ ᠤᠷᠤᠯᠴᠠᠵᠤ᠂

ᠤᠷᠤᠯᠭ᠎ᠠ ᠪᠠᠨ ᠨᠡᠮᠡᠭᠳᠡᠬᠦᠯᠦᠨ ᠪᠠᠶᠠᠵᠢᠨ ᠴᠢᠨᠡᠭᠡᠯᠢᠭᠵᠢᠬᠦ ᠶᠢ ᠬᠦᠳᠦᠯᠦᠨ ᠵᠢᠯᠤᠭᠤᠳᠪᠠ᠃ ᠲᠡᠭᠡᠷ᠎ᠠ ᠬᠠᠭᠠᠰ ᠵᠢᠯ ᠳᠤ᠂

ᠬᠦᠳᠡᠭᠡ ᠲᠤᠰᠬᠤᠨ ᠤ ᠵᠤᠭᠠᠴᠠᠯ ᠤᠨ ᠦᠢᠯᠡᠰ ᠤᠨ ᠬᠦᠯᠢᠶᠡᠨ ᠠᠪᠤᠭᠰᠠᠨ ᠵᠤᠭᠠᠴᠠᠭᠰᠠᠳ 30 ᠲᠦᠮᠡᠨ ᠬᠦᠮᠦᠨ

ᠤᠳᠠᠭ᠎ᠠ ᠬᠦᠷᠴᠤ᠂ ᠬᠦᠮᠦᠨ ᠲᠤᠮᠳᠠᠴᠢ ᠪᠠᠷ 1.2 ᠲᠦᠮᠡ ᠭᠠᠷᠤᠢ ᠲᠦᠬᠦᠷᠢᠭ ᠤᠨ ᠤᠷᠤᠯᠭ᠎ᠠ ᠨᠡᠮᠡᠭᠳᠡᠪᠡ᠃

ᠡᠬᠦᠨ ᠤ ᠬᠠᠮᠳᠤ᠂ ᠵᠠᠷᠤᠳ ᠬᠤᠰᠢᠭᠤ ︽ᠵᠤᠭᠠᠴᠠᠯ + ᠰᠤᠶᠤᠯ᠂ ᠵᠤᠭᠠᠴᠠᠯ + ᠲᠠᠷᠢᠶᠠᠯᠠᠩ᠂ ᠵᠤᠭᠠᠴᠠᠯ + ᠠᠮᠢ

ᠠᠬᠤᠢ︾ ᠵᠡᠷᠭᠡ ᠬᠦᠭᠵᠢᠯᠳᠡ ᠶᠢᠨ ᠵᠠᠭᠪᠤᠷ ᠢ ᠯᠠᠪᠳᠠᠭᠤᠨ ᠪᠠᠳᠤᠳᠠᠢ ᠠᠬᠢᠭᠤᠯᠵᠤ᠂ ᠵᠤᠭᠠᠴᠠᠯ ᠪᠤᠯᠤᠨ ᠠᠵᠤ

ᠦᠢᠯᠡᠰ ᠤᠨ ᠬᠦᠭᠵᠢᠯᠳᠡ ᠶᠢᠨ ᠲᠦᠷᠭᠡᠨ ᠠᠭᠤᠰᠤᠯᠴᠠᠬᠤ ᠶᠢ ᠠᠬᠢᠭᠤᠯᠵᠤ᠂ ᠵᠤᠭᠠᠴᠠᠯ ᠤᠨ ᠠᠵᠤ ᠦᠢᠯᠡᠰ ᠤᠨ

ᠪᠦᠬᠦ ᠲᠠᠯ᠎ᠠ ᠶᠢᠨ᠂ ᠤᠯᠠᠨ ᠲᠡᠰ ᠲᠠᠪᠬᠤᠷᠭ᠎ᠠ ᠲᠠᠢ ᠬᠦᠭᠵᠢᠯᠳᠡ ᠶᠢ ᠪᠡᠶᠡᠯᠡᠬᠦᠯᠪᠡ᠃

 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号